ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠰᠦᠨ ᠴᠠᠭ᠋ᠠᠨ ᠰᠠᠷᠠ

ᠨᠡᠶ᠋ᠢᠲᠡᠯᠡᠭᠰᠡᠨ ᠴᠠᠭ᠄   2024-08-07


                     ᠵᠣᠬᠢᠶᠠᠭᠴᠢ᠄ ᠪᠣᠷᠵᠢᠭᠢᠨ ᠷ᠊·ᠨᠠᠰᠤᠨᠬᠡᠰᠢᠭ


ᠣᠪᠣᠭ᠎ᠠ ᠣᠩᠭᠣᠳ᠎ᠢ ᠭᠡᠢ᠌ᠭᠦᠯᠬᠦ ᠭᠡᠵᠦ ᠣᠳᠣᠳ᠎ᠲᠠᠢ ᠬᠠᠮᠲᠤ ᠬᠠᠨᠢᠰᠴᠤ
ᠣᠷᠴᠢᠯᠠᠩ᠎ᠤᠨ ᠠᠯᠢᠪᠠ ᠵᠢ ᠲᠠᠨᠢᠭᠳᠠᠭᠤᠯᠬᠤ ᠭᠡᠵᠦ ᠳᠡᠰᠤ ᠬᠠᠷᠠᠩᠭᠤᠢ ᠵᠢ ᠵᠦᠰᠦᠭᠰᠡᠨ
ᠠᠳᠤᠭᠤᠳ᠎ᠤᠨ ᠬᠥᠯᠥᠰᠦ᠎ᠲᠠᠢ ᠠᠮᠢᠰᠬᠤᠯᠯᠠᠬᠤ ᠭᠡᠵᠦ ᠨᠠᠮᠤᠭᠤᠬᠠᠨ ᠬᠥᠳᠡᠭᠡ᠎ᠪᠠᠨ ᠪᠠᠷᠠᠯᠠᠵᠤ
ᠠᠭ᠋ᠠᠭ᠎ᠲᠠᠢ ᠴᠠᠢ ᠰᠦᠯᠡᠬᠦ ᠭᠡᠵᠦ ᠦᠷ᠎ᠤᠨ ᠲᠤᠶᠠᠭ᠎ᠠ᠎ᠲᠠᠢ ᠮᠡᠨᠳᠦᠴᠢᠯᠡᠳᠡᠭ ᠶᠤᠮ


ᠡᠵᠢ ᠵᠢᠨ ᠬᠠᠷᠠᠴᠠ᠎ᠲᠠᠢ ᠠᠯᠤᠰ᠎ᠤᠨ ᠠᠯᠤᠰ᠎ᠢ ᠡᠨᠡᠷᠢᠯ ᠬᠠᠢ᠌ᠷ᠎ᠠ᠎ᠪᠠᠷ ᠲᠡᠷᠭᠡᠯᠰᠢᠭᠦᠯᠵᠦ
ᠡᠵᠡᠨ ᠰᠠᠭᠤᠴᠠ᠎ᠲᠠᠢ ᠪᠣᠷᠣᠬᠠᠨ ᠲᠠᠯ᠎ᠠ᠎ᠪᠠᠨ ᠨᠠᠷᠠ᠎ᠲᠠᠢ ᠢᠵᠢᠯᠢᠬᠡᠨ ᠪᠦᠪᠡᠢ᠌ᠯᠡᠭᠰᠡᠨ
ᠡᠩ ᠦᠭᠡᠢ ᠡᠬᠡ ᠳᠡᠯᠡᠬᠡᠢ᠎ᠪᠠᠨ ᠥᠪᠡᠷ᠎ᠲᠡᠭᠡᠨ ᠲᠣᠯᠢᠳᠠᠬᠤ ᠵᠢᠨ ᠤᠴᠢᠷ
ᠡᠨᠡᠬᠡᠨ ᠬᠣᠷᠸ᠎ᠠ ᠵᠢᠨ ᠠᠶᠠᠯᠭᠤ ᠪᠦᠭᠦᠨ᠎ᠢ ᠡᠭᠡᠰᠢᠭ ᠳᠦᠷᠥᠭᠦᠯᠵᠤ ᠬᠥᠭᠵᠢᠮᠳᠡᠳᠡᠭ ᠶᠤᠮ


ᠣᠨ ᠣᠨ᠎ᠤ ᠴᠡᠴᠡᠭᠲᠦ ᠵᠤᠨ᠎ᠢ ᠴᠢᠯᠠᠭᠤᠳ᠎ᠤᠨ ᠡᠯᠢᠭᠡᠨ᠎ᠳᠤ ᠳᠡᠯᠭᠡᠷᠡᠭᠦᠯᠵᠦ
ᠤᠷᠭᠤᠬᠤ ᠡᠭᠦᠯᠡᠰ᠎ᠤᠨ ᠰᠡᠮᠭᠡᠨ ᠨᠡᠭᠦᠳᠡᠯ ᠳᠡᠷᠡ ᠤᠷᠤᠭᠤ ᠭᠦᠪᠤᠯᠵᠡᠭᠰᠡᠨ
ᠬᠥᠮᠥᠨ ᠵᠤᠨ᠎ᠤ ᠬᠥᠬᠡ ᠳᠤᠮᠤᠭ᠎ᠢ ᠳᠡᠭᠡᠳᠦ ᠲᠡᠭᠷᠢ ᠢᠪᠡᠭᠡᠬᠦ᠎ᠳᠤ
ᠬᠥᠬᠡᠷᠡᠬᠦ ᠲᠠᠪᠢᠯᠠᠩ᠎ᠤᠨ ᠠᠮᠢᠯᠠᠯ ᠪᠦᠭᠦᠨ ᠦᠷ᠎ᠡ ᠦᠨᠳᠦᠰᠦ᠎ᠲᠠᠢ ᠦᠷᠭᠦᠯᠵᠢᠯᠡᠳᠡᠭ ᠶᠤᠮ


ᠲᠡᠷᠲᠡᠭᠡᠬᠢ ᠨᠠᠷᠠᠪᠴᠢᠨ᠎ᠠᠴᠠ ᠳᠡᠪᠳᠡᠷᠢᠨ ᠨᠢᠰᠬᠦ ᠬᠥᠬᠥᠭᠡ ᠵᠢᠨ ᠳᠠᠭᠤᠨ᠎ᠢ ᠴᠢᠩᠨᠠᠵᠤ
ᠳᠠᠩᠳᠠ᠎ᠪᠠᠨ ᠶᠠᠷᠢᠭᠳᠠᠳᠠᠭ ᠦᠯᠢᠭᠡᠷ᠎ᠤᠨ ᠶᠢᠷᠲᠢᠨᠴᠦ ᠭᠦᠨ ᠰᠥᠨᠢ᠎ᠪᠠᠷ ᠳᠤᠤᠨᠢᠬᠰᠠᠨ
ᠵᠥᠭᠡᠯᠡᠬᠡᠨ ᠮᠡᠯᠮᠡᠯᠵᠡᠬᠦ ᠴᠡᠭᠡᠨ ᠤᠰᠤᠨ᠎ᠠ ᠠᠭᠤᠯᠠᠰ᠎ᠤᠨ ᠥᠩᠭᠡ ᠪᠤᠭᠤᠷᠤᠯᠲᠤᠬᠤ᠎ᠳᠤ
ᠵᠥᠩᠳᠡᠭᠡᠨ ᠡᠷᠢᠭᠳᠡᠬᠦ ᠥᠴᠥᠭᠡᠳᠦᠷ᠎ᠤᠨ ᠲᠤᠬᠠᠢ ᠥᠨᠥᠴᠢᠨ ᠨᠢᠯᠪᠤᠰᠤ᠎ᠲᠠᠢ ᠬᠣᠨᠣᠳᠠᠭ ᠶᠤᠮ


ᠡᠷᠲᠡ ᠡᠳᠦᠭᠡ ᠵᠢᠨ ᠴᠠᠭ ᠬᠤᠭᠤᠴᠠᠭ᠎ᠠ ᠠᠯᠳᠠᠩᠬᠠᠨ ᠬᠠᠷᠭᠤᠢ᠎ᠳᠤ ᠮᠥᠷᠳᠡᠭᠳᠡᠵᠦ
ᠡᠷᠭᠢᠨ ᠬᠠᠷᠠᠬᠤ ᠤᠯᠠ ᠮᠥᠷ ᠴᠠᠰᠤ ᠪᠣᠷᠣᠭ᠋ᠠᠨ᠎ᠲᠠᠢ ᠡᠭᠡᠯᠵᠢᠯᠡᠭᠰᠡᠨ
ᠡᠯᠢᠭᠡ ᠪᠦᠲᠦᠨ ᠬᠣᠩᠭᠤᠷᠬᠠᠨ ᠮᠥᠷᠥᠭᠡᠳᠦᠯ ᠥᠨᠢᠳᠡ ᠵᠢᠨ ᠰᠡᠳᠬᠢᠯ᠎ᠢ ᠠᠷᠭ᠋ᠠᠮᠵᠢᠬᠤ᠎ᠳᠤ
ᠠᠮᠤᠷ ᠠᠮᠤᠭᠤᠯᠠᠩ᠎ᠤᠨ ᠭᠡᠷᠡᠯ ᠭᠡᠭᠡ ᠵᠠᠭᠤᠨ ᠥᠭᠡᠳᠡ ᠲᠤᠨᠤᠯᠵᠠᠳᠠᠭ ᠶᠤᠮ

ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ