ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠪᠣᠷᠣᠭ᠋ᠠᠨ᠎ᠤ ᠤᠯᠠᠷᠢᠯ

ᠨᠡᠶ᠋ᠢᠲᠡᠯᠡᠭᠰᠡᠨ ᠴᠠᠭ᠄   2024-08-07


                  ᠵᠣᠬᠢᠶᠠᠭᠴᠢ᠄ ᠰ᠊ ·ᠰᠡᠴᠡᠨᠳᠠᠯᠠᠢ


ᠬᠠᠰᠢᠷᠠᠲᠠᠯ᠎ᠠ ᠣᠷᠣᠳᠠᠭ ᠪᠣᠷᠣᠭ᠋ᠠᠨ ᠥᠨᠵᠢᠵᠦ ᠬᠣᠨᠣᠬᠤ ᠦᠭᠡᠢ ᠱᠠᠭᠢᠨ᠎ᠠ
ᠬᠠᠷ᠎ᠠ ᠨᠢᠳᠦᠨ ᠪᠤᠷᠮ᠎ᠠ ᠠᠷᠪᠠᠨ ᠨᠠᠢ᠍ᠮᠠᠳᠠᠢ ᠭᠤᠩᠬᠠᠨ᠎ᠠ
ᠬᠠᠶᠠ ᠨᠢᠭᠡ ᠤᠴᠠᠷᠠᠬᠤ᠎ᠳᠤ ᠬᠡᠯᠡᠵᠦ ᠪᠠᠷᠢᠬᠤ᠎ᠪᠠᠨ ᠠᠯᠳᠠᠭ᠋ᠠᠳ
ᠬᠠᠯᠵᠠ ᠮᠥᠷᠭᠥᠯᠳᠦᠭᠰᠡᠨ ᠬᠠᠷᠠᠴᠠ ᠴᠢᠨᠢ ᠵᠢᠷᠦᠬᠡᠨ᠎ᠳᠤ ᠣᠷᠣᠲᠠᠯ᠎ᠠ ᠲᠤᠶᠠᠭ᠋ᠠᠷᠠᠨ᠎ᠠ
ᠬᠤᠯᠠ ᠵᠢᠨ ᠠᠭᠤᠯᠠᠰ᠎ᠤᠨ ᠣᠷᠣᠢ᠎ᠪᠠᠷ ᠬᠤᠷ᠎ᠠ ᠵᠢᠨ ᠡᠭᠦᠯᠡᠰ ᠬᠦᠳᠡᠩᠲᠦᠨ᠎ᠡ
ᠬᠣᠷᠣᠮ ᠵᠠᠭᠤᠷ᠎ᠠ ᠵᠢᠨ ᠬᠣᠭᠣᠷᠣᠨᠳᠤ ᠠᠶᠤᠩᠭ᠎ᠠ ᠴᠠᠭᠢᠯᠭ᠋ᠠᠨ ᠭᠢᠯᠠᠰᠤᠨ᠎ᠠ
《ᠬᠣᠶᠠᠭᠤᠯᠠ ᠶᠤᠮ ᠴᠢᠨᠢ ᠬᠠᠮᠢᠶ᠎ᠠ ᠦᠭᠡᠢ》 ᠭᠡᠵᠦ ᠡᠷ᠎ᠡ ᠵᠢᠨ ᠰᠦᠷ ᠵᠶ᠋ᠠᠨ ᠭᠠᠢ᠌ᠬᠠᠭᠤᠯᠤᠨ᠎ᠠ
ᠬᠤᠪᠴᠠᠰᠤ᠎ᠪᠠᠨ ᠭᠦᠷᠳᠡᠯ᠎ᠡ ᠲᠠᠢ᠌ᠯᠵᠦ ᠴᠢᠨᠦ ᠳᠡᠭᠡᠷ᠎ᠡ ᠨᠥᠮᠥᠷᠦᠭᠦᠯᠦᠨ᠎ᠡ
ᠰᠤᠪᠤᠳᠷᠠᠨ ᠪᠠᠭᠤᠬᠤ ᠳᠤᠰᠤᠯ ᠴᠡᠴᠡᠭᠡᠰ᠎ᠤᠨ ᠳᠡᠯᠪᠢ᠎ᠳᠤ ᠪᠥᠵᠢᠨ᠎ᠡ
ᠰᠣᠯᠣᠩᠭ᠎ᠠ ᠲᠠᠲᠠᠭᠰᠠᠨ ᠨᠠᠭᠤᠷ᠎ᠲᠤ ᠤᠰᠤᠨ᠎ᠤ ᠰᠢᠪᠠᠭᠤᠳ ᠭᠠᠩᠭ᠋ᠠᠨᠠᠨ᠎ᠠ
ᠰᠣᠴᠢᠭᠰᠠᠨ ᠶᠤᠮᠰᠢᠭ ᠴᠠᠭ᠎ᠤᠨ ᠵᠡᠭᠦᠦ ᠬᠤᠷᠳᠤ ᠮᠡᠳᠡᠨ ᠵᠢᠷᠢᠢ᠍ᠵᠦ
ᠰᠣᠷᠢᠶ᠎ᠠ ᠭᠦᠢ᠍ᠴᠡᠭᠰᠡᠨ ᠦᠷᠢᠶ᠎ᠡ ᠰᠢᠭ ᠳᠤᠠᠠᠳᠤᠯᠤᠠᠠᠰᠠᠨ ᠵᠢᠷᠦᠬᠡ ᠥᠨᠳᠡᠯᠵᠡᠨ᠎ᠡ
ᠳᠡᠷᠡ ᠯᠡ ᠴᠠᠭ᠎ᠠᠴᠠ ᠬᠣᠢ᠌ᠰᠢ ᠪᠤᠷᠮ᠎ᠠ ᠪᠣᠷᠣᠭ᠋ᠠᠨ ᠬᠣᠶᠠᠷ
ᠲᠡᠰᠬᠡᠯ ᠦᠭᠡᠢ ᠨᠠᠰᠤᠨ᠎ᠤ ᠮᠢᠨᠢ ᠬᠦᠰᠡᠯ ᠪᠣᠯᠣᠨ ᠵᠦᠰᠡᠷᠡᠭᠰᠡᠨ ᠰᠠᠨ
ᠳᠡᠭᠡᠵᠦ ᠯᠡ ᠨᠢᠭᠡ ᠨᠣᠷᠣᠭᠰᠠᠨ ᠬᠠᠢ᠌ᠷ᠎ᠠ ᠵᠢᠨ ᠵᠥᠭᠡᠯᠡᠨ ᠬᠤᠷ᠎ᠠ ᠵᠢ
ᠲᠡᠮᠳᠡᠭᠯᠡᠯ᠎ᠤᠨ ᠳᠡᠪᠲᠡᠷ᠎ᠠᠴᠠ᠎ᠪᠠᠨ ᠤᠩᠰᠢᠬᠤ᠎ᠳᠤ ᠴᠢᠭᠢᠭ᠎ᠤᠨ ᠦᠨᠦᠷ᠎ᠨᠢ ᠠᠩᠬᠢᠯᠤᠨ᠎ᠠ
ᠠᠷᠭ᠋ᠠᠯ ᠰᠡᠪᠡᠷᠡᠭᠡᠬᠦ ᠵᠠᠪ ᠦᠭᠡᠢ ᠮᠦᠭᠦᠨ ᠬᠤᠷ᠎ᠠ ᠴᠠᠢ᠌ᠷᠠᠭ᠋ᠠᠳ
ᠠᠳᠤᠭᠤᠨ᠎ᠳᠠᠭᠠᠨ ᠭᠠᠷᠤᠭ᠋ᠠᠳ ᠳᠤᠷᠠᠨᠳᠠᠬᠤ᠎ᠳᠤ ᠵᠢᠭ᠋ᠠᠬᠠᠨ ᠪᠤᠷᠮ᠎ᠠ ᠭᠤᠩᠬᠠᠭ᠋ᠠᠳ
ᠶᠠᠮᠠᠷ ᠰᠠᠢ᠌ᠬᠠᠨ ᠴᠠᠭ ᠪᠤᠢ᠂ ᠵᠠᠯᠠᠭᠤ ᠬᠠᠯᠠᠭᠤᠨ ᠨᠠᠰᠤ ᠠ᠋ ᠭᠡᠵᠢ
ᠶᠠᠭ᠋ᠠᠬᠢᠭᠰᠠᠨ ᠭᠠᠩᠭ᠋ᠠᠩ ᠪᠠᠢ᠌ᠭ᠋ᠠᠯᠢ ᠪᠤᠢ᠂ ᠵᠤᠨ᠎ᠤ ᠳᠠᠩᠰᠤᠭ ᠤᠯᠠᠷᠢᠯ ᠠ᠋ ᠭᠡᠵᠢ



ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ