ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠪᠢ ᠥᠪᠡᠷ᠎ᠤᠨ ᠵᠶ᠋ᠠᠨ ᠣᠷᠣᠰᠢᠬᠤᠢ

ᠨᠡᠶ᠋ᠢᠲᠡᠯᠡᠭᠰᠡᠨ ᠴᠠᠭ᠄   2024-08-29


                     ᠵᠣᠬᠢᠶᠠᠭᠴᠢ᠄ ᠪ᠊ · ᠰ᠊· ᠪᠢᠯᠢᠭᠡᠷᠭᠢᠮ


ᠡᠷᠢᠯ᠎ᠤᠨ ᠬᠠᠪᠤᠷ ᠡᠪᠡᠰᠦ ᠵᠢ ᠦᠭᠡᠢ᠌ᠯᠡᠭᠡᠳ ᠰᠠᠯᠬᠢ ᠢᠯᠪᠢᠨ ᠨᠣᠭᠣᠭ᠋ᠠᠷᠠᠬᠤ ᠮᠡᠲᠦ

ᠡᠩᠭᠡᠷ᠎ᠤᠨ ᠬᠢᠨᠢ ᠴᠡᠴᠡᠭᠡᠰ ᠵᠤᠨ᠎ᠤ ᠵᠡᠭᠦᠳᠦ᠎ᠪᠠᠷ ᠢᠭᠳᠦᠯᠦᠨ ᠨᠠᠭ᠋ᠠᠰᠢᠯᠠᠬᠤ ᠮᠡᠲᠦ

ᠡᠭᠦᠳᠡᠨ ᠳᠡᠭᠡᠷ᠎ᠡ ᠣᠨ ᠵᠢᠯ ᠤᠷᠤᠰᠴᠤ ᠡᠮᠵᠡᠭ ᠪᠤᠷᠤᠭᠤ ᠵᠢ ᠲᠡᠭᠰᠢᠳᠬᠡᠬᠦ ᠮᠡᠲᠦ

ᠡᠨᠳᠡᠭᠦᠷᠡᠯ ᠠᠯᠲᠠᠷᠬᠠᠤ ᠥᠨᠥᠳᠥᠷ ᠡᠩᠬᠡ ᠲᠤᠩᠬ᠎ᠠ ᠮᠠᠷᠭ᠋ᠠᠰᠢ᠎ᠳᠤ ᠲᠡᠮᠡᠦᠯᠬᠦ ᠮᠡᠲᠦ

ᠡᠪᠦᠭᠡᠳ᠎ᠤᠨ ᠴᠢᠯᠠᠭᠤᠨ᠎ᠤ ᠬᠡᠯᠲᠡᠷᠬᠡᠢ ᠰᠢᠭ ᠪᠢ ᠥᠪᠡᠷ᠎ᠤᠨ ᠵᠶ᠋ᠠᠨ ᠣᠷᠣᠰᠢᠬᠤᠢ


ᠬᠤᠷᠠᠭ᠋ᠠᠨ ᠡᠭᠦᠯᠡᠰ ᠡᠬᠡ ᠭᠠᠵᠠᠷ ᠵᠦᠰᠡᠷᠡᠬᠦ ᠬᠥᠬᠡ ᠠᠭᠤᠯᠠᠰ᠎ᠤᠨ ᠵᠡᠭᠦᠳᠦ ᠮᠡᠲᠦ

ᠬᠤᠨᠢᠨ ᠡᠯᠢᠭᠡᠨ᠎ᠳᠤ ᠨᠡᠪᠲᠡᠷᠡᠬᠦ ᠭᠠᠵᠠᠷ᠎ᠤᠨ ᠠᠮᠢᠰᠬᠤᠭ᠎ᠠ ᠬᠤᠷ᠎ᠠ ᠤᠰᠤᠨ ᠮᠡᠲᠦ

ᠬᠣᠷᠭᠣᠢ ᠢᠷᠭᠤᠢ ᠬᠥᠳᠡᠭᠡ ᠵᠢᠨ ᠵᠡᠷᠭᠡᠯᠭᠡ ᠲᠠᠯ᠎ᠠ ᠵᠢᠨ ᠴᠠᠭ᠋ᠠᠨ ᠭᠡᠷ ᠮᠡᠲᠦ

ᠬᠠᠯᠢᠭᠤᠨ ᠵᠡᠭᠡᠷᠳᠡ ᠵᠢᠨ ᠲᠠᠢ᠌ᠪᠤᠩ ᠦᠦᠷᠰᠡᠭᠡ ᠲᠡᠭᠷᠢ ᠵᠢᠨ ᠠᠨᠢᠷ ᠮᠡᠲᠦ

ᠬᠠᠩᠭ᠋ᠠᠢ ᠵᠢᠨ ᠰᠠᠯᠬᠢᠨ᠎ᠤ ᠲᠠᠰᠤᠷᠬᠠᠢ ᠰᠢᠭ᠋ ᠪᠢ ᠥᠪᠡᠷ᠎ᠤᠨ ᠵᠶ᠋ᠠᠨ ᠣᠷᠣᠰᠢᠬᠤᠢ


ᠠᠯᠢᠮᠠᠨ ᠬᠠᠴᠠᠷᠲᠠᠢ ᠨᠠᠷᠠᠨ᠎ᠤ ᠬᠡᠦᠬᠡᠨ ᠨᠠᠮᠠᠶ᠋ᠢ ᠬᠥᠭᠡᠷᠦᠬᠦᠢ᠌ᠯᠡᠨ ᠬᠠᠢ᠌ᠷᠠᠯᠠᠬᠤ ᠮᠡᠲᠦ

ᠠᠢ᠌ᠯ᠎ᠤᠨ ᠬᠣᠢ᠌ᠮᠤᠷ᠎ᠲᠤ ᠠᠪᠤ ᠮᠢᠨᠢ ᠰᠠᠬᠠᠯ ᠰᠢᠪᠲᠤᠷᠠᠵᠤ ᠵᠢᠷᠠᠨ ᠵᠢᠰᠦ ᠬᠠᠢ᠌ᠬᠤ ᠮᠡᠲᠦ

ᠠᠯᠮᠠᠩ ᠰᠠᠷᠠᠨ᠎ᠤ ᠠᠷᠢᠭ ᠰᠢᠭᠦᠳᠡᠷᠢ ᠨᠠᠪᠴᠢᠨ ᠳᠡᠭᠡᠷ᠎ᠡ ᠭᠢᠯᠠᠯᠵᠠᠨ ᠢᠨᠢᠶᠡᠬᠦ ᠮᠡᠲᠦ

ᠠᠭ᠋ᠠᠷ᠎ᠤᠨ ᠣᠳᠣᠳ᠎ᠢ ᠠᠷᠭ᠋ᠠᠳᠠᠵᠤ ᠡᠵᠢ ᠮᠢᠨᠢ ᠵᠡᠯᠡᠨ᠎ᠤ ᠰᠠᠭ᠋ᠠᠯᠢ ᠢᠷᠠᠬᠤ ᠮᠡᠲᠦ

ᠠᠰᠠᠭ᠋ᠠᠭᠰᠠᠨ ᠠᠷᠭ᠋ᠠᠯ᠎ᠤᠨ ᠤᠲᠤᠭ᠎ᠠ ᠰᠢᠭ᠋ ᠪᠢ ᠥᠪᠡᠷ᠎ᠤᠨ ᠵᠶ᠋ᠠᠨ ᠣᠷᠣᠰᠢᠬᠤᠢ


ᠨᠡᠭᠦᠳᠡᠯ᠎ᠤᠨ ᠵᠥᠷᠢᠭ ᠵᠦᠯᠭᠡᠨ᠎ᠤ ᠠᠮᠤᠭᠤᠯᠠᠩ᠎ᠳᠤ ᠠᠶᠠᠷᠬᠠᠨ ᠲᠤᠨᠤᠯᠵᠠᠬᠤ ᠮᠡᠲᠦ

ᠨᠢᠭᠡᠨ ᠭᠣᠣᠯ᠎ᠤᠨ ᠭᠦᠪᠡᠭᠡ᠎ᠳᠤ ᠭᠠᠯ᠎ᠤᠨ ᠠᠬ᠎ᠠ ᠵᠢᠩ᠎ᠤᠨ ᠴᠠᠢ ᠠᠮᠰᠠᠬᠤ ᠮᠡᠲᠦ

ᠨᠢᠭᠦᠯᠡᠰᠦᠩᠭᠦᠢ ᠵᠢᠨ ᠬᠢᠵᠠᠭ᠋ᠠᠷ ᠬᠣᠷᠸ᠎ᠠ ᠵᠢᠨ ᠦᠵᠡᠰᠭᠦᠯᠡᠩ ᠪᠦᠭᠦᠨ ᠲᠥᠷᠥᠭᠳᠡᠬᠦ ᠮᠡᠲᠦ

ᠨᠢᠩᠵᠢᠨ ᠵᠤᠨ᠎ᠤ ᠦᠵᠦᠭᠦᠷ ᠵᠠᠯᠭ᠋ᠠᠵᠤ ᠠᠮᠠᠷᠠᠭ᠎ᠤᠨ ᠮᠢᠨᠢ ᠠᠯᠴᠢᠭᠤᠷ ᠨᠠᠮᠢᠷᠠᠬᠤ ᠮᠡᠲᠦ

ᠨᠠᠭᠤᠷ᠎ᠤᠨ ᠵᠡᠭᠡᠰᠦᠨ᠎ᠤ ᠨᠣᠮᠢᠨ ᠳᠠᠪᠠᠯᠭ᠎ᠠ ᠰᠢᠭ᠋ ᠪᠢ ᠥᠪᠡᠷ᠎ᠤᠨ ᠵᠶ᠋ᠠᠨ ᠣᠷᠣᠰᠢᠬᠤᠢ


ᠠᠯᠠᠭ᠋ᠠᠨ᠎ᠠᠴᠠ ᠠᠯᠲᠠᠷᠬᠠᠤ ᠴᠠᠭ ᠬᠤᠭᠤᠴᠠᠭ᠎ᠠ ᠨᠠᠮᠠᠶ᠋ᠢ ᠬᠥᠲᠥᠯᠵᠦ ᠠᠶᠠᠷᠯᠠᠬᠤ ᠮᠡᠲᠦ

ᠠᠰᠢᠳᠠ ᠵᠢᠨ ᠭᠡᠵᠦ ᠠᠯᠠᠭ᠎ᠠ ᠪᠠᠢ᠌ᠳᠠᠭ ᠪᠦᠳᠡᠭᠢ ᠶᠢᠷᠲᠢᠨᠴᠦ ᠮᠢᠨᠤᠬᠢ ᠪᠢᠰᠢ ᠮᠡᠲᠦ

ᠠᠬᠢᠨ ᠠᠬᠢᠨ ᠮᠥᠷᠥᠭᠡᠳᠬᠦ᠎ᠪᠠᠷ ᠠᠷᠤ ᠵᠢᠨ ᠬᠠᠩᠭ᠋ᠠᠢ ᠮᠢᠨᠢ ᠠᠰᠢᠳᠠ ᠵᠢᠨ ᠮᠡᠲᠦ

ᠠᠭ᠋ᠠᠷ ᠣᠭᠲᠠᠷᠭᠤᠢ ᠪᠤᠶᠤ ᠤᠰᠤ ᠮᠥᠷᠡᠨ ᠠᠢ᠌ᠷᠠᠭ ᠲᠠᠷᠠᠭ ᠰᠢᠭ᠋ ᠠᠩᠬᠢᠯᠬᠤ ᠮᠡᠲᠦ

ᠠᠰᠠᠭᠤᠵᠤ ᠡᠰᠡ ᠴᠢᠳᠠᠬᠤ ᠠᠰᠠᠭᠤᠯᠲᠠ ᠰᠢᠭ᠋ ᠪᠢ ᠥᠪᠡᠷ᠎ᠤᠨ ᠵᠶ᠋ᠠᠨ ᠣᠷᠣᠰᠢᠬᠤᠢ


ᠭᠠᠭᠴᠠ ᠪᠠᠢ᠌ᠳᠠᠭ ᠪᠤᠷᠬᠠᠨ ᠨᠤᠲᠤᠭ ᠡᠭᠦᠷᠢᠳᠡ ᠪᠥᠬᠥᠰᠢ ᠦᠭᠡᠢ ᠤᠷᠭᠤᠳᠠᠭ ᠮᠡᠲᠦ

ᠭᠠᠴᠠᠭ᠋ᠠᠨ᠎ᠤ ᠬᠥᠮᠥᠰ ᠭᠠᠷ ᠭᠠᠷ ᠳᠡᠭᠡᠷ᠎ᠡ᠎ᠪᠠᠨ ᠭᠠᠪᠰᠢᠭ᠋ᠠᠢ ᠵᠢ ᠤᠬᠠᠭ᠋ᠠᠷᠠᠳᠠᠭ ᠮᠡᠲᠦ

ᠭᠠᠵᠠᠷ᠎ᠤᠨ ᠠᠮᠢ ᠪᠤᠯᠭ᠋ᠠᠵᠤ ᠭᠠᠷ᠎ᠤᠨ ᠬᠤᠷᠤᠭᠤ᠎ᠪᠠᠨ ᠲᠠᠮᠠᠭ᠋ᠠᠯᠠᠵᠤ ᠳᠠᠷᠤᠬᠤ ᠮᠡᠲᠦ

ᠭᠠᠯᠪᠠ ᠵᠢᠨ ᠪᠣᠯᠵᠣᠭ᠎ᠠ ᠪᠣᠯᠭ᠋ᠠᠨ ᠭᠠᠩᠭ᠋ᠠᠩ ᠮᠠᠷᠭ᠋ᠠᠰᠢ᠎ᠪᠠᠨ ᠰᠡᠬᠦᠵᠦ ᠲᠠᠯᠪᠢᠬᠤ ᠮᠡᠲᠦ

ᠭᠠᠵᠠᠷᠳᠠᠵᠤ ᠦᠯᠦ ᠪᠤᠯᠬᠤ ᠬᠠᠷᠢᠭᠤᠯᠲᠠ ᠰᠢᠭ᠋ ᠪᠢ ᠥᠪᠡᠷ᠎ᠤᠨ ᠵᠶ᠋ᠠᠨ ᠣᠷᠣᠰᠢᠬᠤᠢ

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ