ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠪᠤᠭᠤᠷᠤᠯ ᠱᠠᠩᠰᠢ

ᠨᠡᠶ᠋ᠢᠲᠡᠯᠡᠭᠰᠡᠨ ᠴᠠᠭ᠄   2024-08-27


               ᠵᠣᠬᠢᠶᠠᠭᠴᠢ᠄ ᠡ᠊·ᠮᠠᠩᠯᠠᠢ

ᠦᠯᠢᠶᠡᠬᠦ ᠰᠠᠯᠬᠢᠨ᠎ᠤ ᠢᠯᠪᠢᠯᠲᠡ᠎ᠪᠠᠷ

ᠥᠩᠭᠡ ᠵᠢᠨ ᠳᠠᠷᠴᠤᠭ ᠵᠶ᠋ᠠᠨ ᠰᠠᠵᠢᠯᠠᠭᠤᠯᠵᠤ

ᠦᠢ᠍ᠯᠡ ᠶᠡᠬᠡᠲᠡᠢ ᠣᠷᠴᠢᠯᠠᠩ᠎ᠤᠨ

ᠬᠠᠲᠠᠭᠤ ᠵᠥᠭᠡᠯᠡᠨ᠎ᠢ ᠲᠡᠭᠰᠢᠯᠡᠵᠦ

ᠥᠨᠳᠥᠷ ᠠᠭᠤᠯᠠᠨ᠎ᠤ ᠨᠠᠷᠠᠰᠤ ᠰᠢᠭ᠋

ᠬᠡᠭᠡᠨᠴᠢᠷ ᠭᠤᠪᠠᠢ ᠬᠠᠷᠠᠭᠳᠠᠭ᠎ᠠ ᠦᠭᠡᠢ ᠴᠦ᠍

ᠦᠨᠳᠦᠰᠦ ᠨᠠᠮᠠᠭ᠎ᠠ᠎ᠪᠠᠨ ᠪᠡᠬᠢᠯᠡᠵᠦ

ᠨᠤᠲᠤᠭ ᠵᠶ᠋ᠠᠨ ᠰᠠᠬᠢᠭ᠎ᠠ ᠰᠢᠲᠦᠭᠡᠨ ᠮᠢᠨᠢ

ᠨᠠᠷᠠᠨ ᠤᠷᠭᠤᠬᠤ ᠥᠷᠯᠥᠭᠡ᠎ᠪᠠᠷ

ᠡᠵᠢ ᠵᠢᠨ ᠮᠢᠨᠢ ᠰᠠᠴᠤᠯᠢ ᠵᠢ ᠲᠤᠰᠴᠦ

ᠨᠠᠪᠴᠢᠨ ᠴᠡᠯᠡᠭᠡᠷ ᠰᠠᠯᠠᠭ᠋ᠠᠨ᠎ᠳᠠᠭᠠᠨ

ᠰᠢᠪᠠᠭᠤ ᠱᠠᠭ᠋ᠠᠵᠠᠭ᠋ᠠᠢ᠎ᠪᠠᠨ ᠵᠢᠷᠭᠢᠭᠦᠯᠵᠦ

ᠨᠠᠢ᠌ᠷ ᠬᠥᠭᠵᠢᠭᠡᠭᠰᠡᠨ ᠠᠶᠠᠯᠭᠤᠨ᠎ᠳᠤ

ᠣᠨ ᠵᠢᠯ ᠵᠶ᠋ᠠᠨ ᠮᠠᠷᠲᠠᠵᠤ

ᠨᠢᠯᠬ᠎ᠠ ᠪᠠᠭ᠎ᠠ ᠵᠢ ᠮᠢᠨᠢ ᠥᠯᠥᠭᠡᠢ᠌ᠳᠡᠨ

ᠦᠯᠢᠭᠡᠷ ᠬᠦᠦᠷᠨᠢᠳᠡᠭ ᠬᠠᠢ᠌ᠯᠠᠰᠤ ᠮᠢᠨᠢ

ᠴᠡᠭᠡᠨ ᠰᠠᠷᠠᠨ᠎ᠤ ᠲᠤᠶᠠᠭ᠋ᠠᠨ᠎ᠳᠤ

ᠠᠮᠲᠠᠲᠤ ᠵᠡᠭᠦᠳᠦ ᠵᠢ ᠮᠢᠨᠢ ᠰᠠᠭ᠋ᠠᠲᠠᠭᠤᠯᠵᠤ

ᠴᠡᠴᠡᠭ ᠠᠯᠠᠭᠯᠠᠭᠰᠠᠨ ᠲᠠᠯ᠎ᠠ᠎ᠪᠠᠨ

ᠦᠷ᠎ᠡ᠎ᠪᠠᠨ ᠶᠤᠮᠰᠢᠭ ᠦᠭᠦᠭᠡᠷᠳᠦᠵᠦ

ᠴᠡᠩᠭᠡᠭ ᠤᠰᠤᠨ᠎ᠤ ᠬᠥᠪᠡᠭᠡᠨ ᠳᠡᠭᠡᠷ᠎ᠡ

ᠬᠦᠦ᠎ᠪᠠᠨ ᠰᠠᠷᠠᠪᠴᠢᠯᠠᠵᠤ ᠬᠦᠯᠢᠶᠡᠬᠦ ᠰᠢᠭ

ᠴᠠᠷᠢᠭᠤᠨ ᠬᠦᠰᠡᠯ᠎ᠤᠨ ᠮᠢᠨᠢ ᠴᠠᠮᠬᠠᠭ

ᠬᠠᠢ᠌ᠷ᠎ᠠ ᠵᠢᠨ ᠤᠩᠭᠤᠨ ᠰᠠᠬᠢᠭᠤᠰᠤ ᠮᠢᠨᠢ

ᠬᠠᠷᠠᠩᠭᠤᠢ ᠴᠦᠯ᠎ᠢ ᠲᠤᠭᠤᠯᠵᠤ

ᠬᠠᠷᠢᠬᠤ ᠵᠢᠨ ᠬᠡᠴᠡᠭᠦᠦ ᠳᠠᠪᠠᠭ᠋ᠠᠨ ᠳᠡᠭᠡᠷ᠎ᠡ

ᠬᠠᠯᠠᠭᠤᠨ ᠡᠪᠦᠷ ᠵᠶ᠋ᠠᠨ ᠳᠡᠯᠭᠡᠭᠡᠳ

ᠲᠠᠮᠠᠬᠢᠯᠠᠵᠤ ᠰᠠᠭᠤᠳᠠᠭ ᠡᠪᠦᠭᠡ ᠰᠢᠭ

ᠬᠠᠯᠠ᠎ᠲᠠᠢ ᠡᠯᠡ᠎ᠲᠠᠢ ᠠᠮᠢᠳᠤᠷᠠᠯ᠎ᠳᠤ

ᠬᠠᠯᠠᠰᠢᠷᠠᠵᠤ ᠪᠤᠬᠢᠨᠢᠳᠤᠵᠤ ᠪᠠᠢ᠌ᠬᠤ᠎ᠳᠤ

ᠬᠠᠲᠠᠭᠤ ᠰᠤᠷᠭ᠋ᠠᠯ ᠵᠶ᠋ᠠᠷ ᠵᠶ᠋ᠠᠨ ᠴᠢᠩᠭ᠋ᠠᠯᠠᠳᠠᠭ

ᠬᠠᠳᠠᠨ ᠵᠣᠷᠢᠭᠲᠤ ᠠᠪᠤ ᠰᠢᠭ᠋

ᠬᠠᠪᠤᠷ᠎ᠤᠨ ᠬᠠᠷ᠎ᠠ ᠰᠠᠯᠬᠢᠨ᠎ᠳᠤ

ᠵᠦᠭ ᠵᠶ᠋ᠠᠨ ᠣᠯᠬᠤ ᠦᠭᠡᠢ ᠲᠥᠭᠡᠷᠢᠬᠦ᠎ᠳᠤ

ᠬᠠᠮᠢᠭ᠎ᠠ ᠬᠤᠯᠠ᠎ᠠᠴᠠ ᠳᠠᠯᠠᠯᠳᠠᠭ

ᠡᠵᠢ ᠵᠢᠨ ᠲᠣᠷᠭ᠋ᠠᠨ ᠠᠯᠴᠢᠭᠤᠷ ᠰᠢᠭ᠋

ᠭᠠᠩ᠎ᠤᠨ ᠬᠠᠯᠠᠭᠤᠨ ᠵᠤᠨ ᠵᠶ᠋ᠠᠷ

ᠭᠤᠨᠳᠠᠵᠤ ᠭᠣᠢ᠌ᠭᠣᠷᠴᠤ ᠶᠠᠪᠤᠬᠤ᠎ᠳᠤ

ᠭᠠᠷ᠎ᠤᠨ ᠵᠶ᠋ᠠᠨ ᠠᠯᠠᠭ᠋ᠠᠨ ᠳᠡᠭᠡᠷ᠎ᠡ ᠪᠥᠭᠡᠴᠡᠢ᠌ᠯᠡᠳᠡᠭ

ᠭᠠᠨᠳᠠᠷᠢᠰᠤᠨ ᠰᠡᠷᠢᠭᠦᠨ ᠪᠠᠭᠤᠴᠠ ᠰᠢᠭ᠋

ᠬᠣᠩᠭᠣᠷ ᠨᠠᠮᠤᠷ᠎ᠤᠨ ᠤᠶᠠᠩᠭ᠎ᠠ᠎ᠳᠤ

ᠰᠢᠷᠭ᠋ᠠᠯ ᠨᠠᠪᠴᠢᠰ ᠵᠶ᠋ᠠᠨ ᠪᠥᠵᠢᠭᠯᠡᠭᠦᠯᠦᠨ

ᠬᠤᠯᠠ ᠵᠢᠨ ᠬᠤᠯᠠ ᠮᠥᠷᠥᠭᠡᠳᠦᠯ᠎ᠢ

ᠬᠥᠭᠡᠮᠡᠢ ᠵᠢᠨ ᠡᠭᠡᠰᠢᠭ ᠵᠶ᠋ᠠᠷ ᠳᠡᠩᠳᠡᠭᠦᠯᠵᠦ

ᠲᠡᠰᠭᠢᠮ᠎ᠡ ᠬᠦᠢ᠍ᠲᠡᠨ ᠡᠪᠦᠯ᠎ᠤᠨ

ᠲᠡᠰᠬᠦ᠎ᠳᠤ ᠪᠡᠷᠬᠡ ᠣᠷᠴᠢᠨ᠎ᠳᠤ

ᠲᠡᠮᠡᠦᠯᠦᠭᠰᠡᠨ ᠵᠦᠭ᠎ᠲᠡᠭᠡᠨ ᠵᠣᠷᠢ ᠭᠡᠵᠦ

ᠲᠡᠩᠬᠡᠭᠡ ᠰᠡᠯᠪᠢᠭᠰᠡᠨ ᠰᠦᠯᠳᠡ ᠮᠢᠨᠢ

ᠶᠢᠷᠲᠢᠨᠴᠦ ᠵᠢᠨ ᠤᠯᠠᠭ᠋ᠠᠨ ᠲᠣᠭᠣᠰᠣᠨ᠎ᠳᠤ

ᠢᠷᠡᠵᠦ ᠪᠤᠴᠠᠬᠤ ᠲᠠᠪᠢᠯᠠᠩ᠎ᠳᠤ

ᠡᠪ᠎ᠤᠨ ᠵᠢᠷᠤᠮ᠎ᠢ ᠡᠷᠬᠢᠮᠯᠡ ᠭᠡᠳᠡᠭ

ᠡᠷᠳᠡᠨᠢ ᠵᠢᠨ ᠰᠤᠷᠭ᠋ᠠᠯ ᠰᠢᠪᠡᠨᠡᠭᠰᠡᠨ

ᠪᠤᠷᠬᠠᠨ᠎ᠠᠴᠠ ᠢᠯᠡᠭᠡᠭᠰᠡᠨ ᠡᠯᠴᠢᠨ

ᠪᠤᠮᠠᠨ ᠦᠰᠦᠭ᠎ᠲᠠᠢ ᠰᠤᠳᠤᠷ

ᠪᠤᠶᠠᠨ ᠬᠤᠷᠤᠢ᠌ᠯᠠᠭᠰᠠᠨ ᠬᠤᠪᠢᠯᠭ᠋ᠠᠨ

ᠪᠤᠭᠤᠷᠤᠯ ᠲᠤᠮᠤᠭ᠎ᠤᠨ ᠱᠠᠩᠰᠢ ᠮᠢᠨᠢ

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ