ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠨᠡᠶ᠋ᠢᠲᠡᠯᠡᠭᠰᠡᠨ ᠴᠠᠭ᠄   2024-08-27


                       ᠵᠣᠬᠢᠶᠠᠭᠴᠢ᠄ ᠰᠠ᠊ ·ᠪᠤᠶᠠᠨᠳᠠᠯᠠᠢ


ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠨᠠᠪᠴᠢᠨ ᠳᠡᠭᠡᠷ᠎ᠡ ᠬᠠᠢ᠌ᠷ᠎ᠠ ᠪᠠᠭᠤᠬᠤ ᠮᠡᠳᠡᠷᠡᠭᠳᠡᠨ᠎ᠡ


ᠤᠳᠠᠵᠤ ᠥᠩᠭᠡᠷᠡᠬᠦ ᠴᠠᠭ᠎ᠤᠨ ᠵᠡᠭᠦᠦ

ᠤᠶᠠᠩᠭ᠎ᠠ ᠳᠠᠭᠤᠯᠠᠵᠤ ᠨᠢᠰᠴᠦ ᠱᠤᠤᠭᠢᠬᠤ᠎ᠨᠢ ᠴᠢᠩᠨᠠᠬᠳᠠᠨ᠎ᠠ


ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠨᠠᠢ᠌ᠷᠠᠭ᠎ᠤᠨ ᠬᠤᠷ᠎ᠠ ᠵᠢᠷᠦᠬᠡ ᠲᠦᠭᠰᠢᠭᠦᠯᠦᠨ ᠱᠠᠭᠢᠨ᠎ᠠ


ᠠᠮᠢᠳᠤᠷᠠᠯ ᠳᠠᠭᠤᠯᠠᠭᠰᠠᠨ ᠭᠣᠯᠢᠶᠠᠨ ᠳᠠᠭᠤᠨ

ᠠᠷᠤ ᠰᠢᠯᠢ ᠵᠢᠨ ᠰᠠᠯᠬᠢ ᠵᠢ ᠰᠡᠮᠡᠷᠡᠭᠦᠯᠦᠨ᠎ᠡ


ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠨᠡᠭᠦᠳᠡᠯ᠎ᠤᠨ ᠭᠠᠩᠭ᠋ᠠᠨᠠᠭ᠎ᠠ ᠰᠥᠨᠢ ᠵᠢᠨ ᠬᠥᠮ᠎ᠢ ᠡᠪᠳᠡᠨ᠎ᠡ


ᠨᠠᠢ᠌ᠷᠠᠭ ᠠᠢ᠌ᠷᠠᠭ ᠠᠭᠤᠰᠤᠨ ᠠᠯᠳᠠᠬᠤ᠎ᠳᠤ

ᠨᠠᠰᠣᠨ᠎ᠤ ᠥᠷᠳᠡᠭ ᠳᠤᠷᠠᠰᠤᠯ ᠳᠠᠮᠨᠠᠨ ᠦᠷᠭᠦᠯᠵᠢᠯᠡᠨ᠎ᠡ


ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠡᠪᠦᠭᠡᠳ᠎ᠤᠨ ᠠᠯᠬᠤᠴᠠ ᠮᠡᠲᠦ ᠳᠡᠯᠡᠬᠡᠢ ᠡᠷᠭᠢᠨ᠎ᠡ


ᠪᠦᠷᠦᠢ ᠭᠡᠭᠡ ᠵᠢᠨ ᠳᠤᠮᠳᠠᠭᠤᠷ

ᠪᠦᠭᠦ ᠵᠦᠢ᠍ᠯᠡᠰ ᠭᠡᠷᠡᠯ ᠳᠠᠳᠠᠨ ᠥᠩᠭᠡᠷᠡᠨ᠎ᠡ


ᠨᠠᠮᠤᠷ᠎ᠤᠨ ᠰᠥᠨᠢ ᠪᠣᠷᠣᠭ᠎ᠠ ᠴᠢᠩᠨᠠᠬᠤ᠎ᠳᠤ

ᠰᠠᠷᠠᠪᠴᠢᠨ᠎ᠤ ᠤᠰᠤ ᠶᠡᠨᠳᠡᠷ ᠴᠣᠭᠤᠯᠬᠤ ᠲᠥᠰᠥᠭᠡᠯᠡᠭᠳᠡᠨ᠎ᠡ


ᠴᠡᠴᠡᠭ᠎ᠤᠨ ᠬᠡᠪᠡᠯᠢ᠎ᠳᠤ ᠦᠷ᠎ᠡ ᠭᠦᠪᠦᠷᠡᠵᠥ

ᠴᠡᠩᠭᠡᠯ᠎ᠤᠨ ᠠᠶᠠᠰ ᠬᠥᠭᠵᠢᠮᠳᠡᠬᠦ᠎ᠨᠢ ᠰᠣᠨᠣᠰᠳᠠᠨ᠎ᠠ᠃


 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ