ᠬᠦᠰᠡᠵᠦ ᠤᠳᠠᠭᠰᠠᠨ ᠪᠣᠷᠣᠭ᠎ᠠ
ᠨᠡᠶ᠋ᠢᠲᠡᠯᠡᠭᠰᠡᠨ ᠴᠠᠭ᠄ 2024-08-16
ᠵᠣᠬᠢᠶᠠᠭᠴᠢ᠄ ᠢ᠊·ᠨᠤᠮᠢᠨᠭᠤᠪᠢ
ᠬᠠᠭᠳᠠ ᠲᠦᠯᠬᠢᠵᠦ ᠬᠠᠢ᠌ᠯ ᠤᠷᠤᠰᠴᠤ
ᠬᠠᠪᠤᠷ ᠢᠷᠡᠬᠦ᠎ᠪᠠᠷ ᠵᠶ᠋ᠠᠨ ᠢᠷᠡᠨ᠎ᠡ
ᠬᠠᠪᠤᠷ᠎ᠢ ᠲᠠᠭ᠋ᠠᠭ᠋ᠠᠳ ᠪᠣᠷᠣᠭ᠎ᠠ ᠢᠷᠡᠳᠡᠭ ᠦᠭᠡᠢ
ᠬᠠᠷ᠎ᠠ ᠲᠣᠭᠣᠰᠣ ᠮᠠᠨᠠᠷᠠᠭ᠋ᠠᠳ ᠪᠠᠢ᠌ᠬᠤᠯᠠᠷ
ᠬᠠᠪᠤᠷ᠎ᠤᠨ ᠲᠠᠷᠢᠶᠠᠯᠠᠭ᠎ᠠ ᠬᠣᠢ᠌ᠰᠢᠯᠠᠭ᠋ᠠᠳ ᠪᠠᠢ᠌ᠬᠤᠯᠠᠷ
ᠬᠠᠰᠢᠶᠠᠨ᠎ᠤ ᠶᠠᠳᠠᠷ᠎ᠤᠳ ᠮᠠᠢ᠌ᠯᠠᠭ᠋ᠠᠳ ᠪᠠᠢ᠌ᠬᠤᠯᠠᠷ
ᠤᠯᠠᠢ᠌ᠮᠠ ᠨᠢᠴᠦᠭᠦᠨ ᠲᠠᠯ᠎ᠠ᠎ᠪᠠᠨ ᠬᠠᠷᠠᠬᠤ᠎ᠠᠴᠠ
ᠡᠭᠦᠯᠡᠨ᠎ᠳᠤ ᠭᠠᠷᠴᠤ ᠪᠣᠷᠣᠭ᠎ᠠ ᠬᠤᠪᠢᠯᠤᠮᠠᠷ
ᠴᠡᠴᠡᠭ᠎ᠤᠨ ᠦᠨᠦᠷ᠎ᠲᠠᠢ ᠰᠠᠯᠬᠢᠨ᠎ᠢ
ᠬᠠᠮᠢᠭ᠎ᠠ ᠨᠢᠭᠡᠠᠳᠡᠭᠡᠠᠴᠠ ᠰᠡᠩᠭᠢᠨᠡᠬᠦ ᠰᠢᠭ
ᠴᠢᠮᠡᠭᠡ ᠦᠭᠡᠢ᠌ᠬᠡᠨ ᠭᠤᠨᠢᠭ ᠵᠶ᠋ᠠᠨ
ᠪᠢ ᠶᠠᠩᠵᠤᠤᠷ᠎ᠤᠨ ᠤᠳᠤᠭ᠎ᠠ ᠰᠢᠭ᠋ ᠦᠯᠢᠶᠡᠳᠡᠭ
ᠴᠢᠮᠬᠢ ᠲᠦᠭᠦᠷᠡᠬᠦ ᠦᠭᠡᠢ ᠨᠢᠯᠬ᠎ᠠ ᠨᠣᠭᠣᠭ᠎ᠠ
ᠳᠡᠯᠡᠬᠡᠢ ᠵᠢᠨ ᠡᠩᠭᠡᠷᠢ ᠥᠩᠭᠡᠵᠢᠭᠦᠯᠬᠦᠳᠤ
ᠴᠡᠩᠬᠡᠷ ᠤᠰᠤᠨ ᠪᠥᠮᠪᠥᠷᠴᠡᠭ ᠵᠶ᠋ᠠᠨ
ᠬᠥᠮᠥᠨ ᠶᠠᠭ᠋ᠠᠬᠢᠵᠤ ᠴᠦ᠍ ᠭᠣᠮᠣᠳᠠᠭ᠋ᠠᠭᠰᠠᠨ ᠪᠣᠯ
ᠢᠪᠴᠤᠷᠠᠭᠰᠠᠨ ᠰᠡᠳᠬᠢᠯ ᠰᠢᠭ ᠲᠠᠲᠠᠭᠤᠷᠠᠭᠰᠠᠨ
ᠤᠷᠤᠰᠬᠠᠯ᠎ᠢ ᠴᠢᠨᠢ ᠬᠠᠷᠠᠬᠤᠶ᠎ᠠ
ᠡᠷᠭᠢᠨ᠎ᠳᠤ ᠴᠢᠨᠢ ᠳᠡᠷᠪᠡᠭᠰᠡᠨ
ᠡᠷᠪᠡᠬᠡᠢ ᠰᠢᠭ ᠲᠡᠮᠡᠢ᠌ᠯᠡ ᠠᠶᠠᠰᠳᠠᠮᠤᠢ
ᠴᠢᠯᠡᠲᠡᠯ᠎ᠡ ᠪᠠᠷᠠᠯᠠᠭᠰᠠᠨ ᠨᠢᠳᠦᠨ᠎ᠳᠤ ᠨᠢᠯᠪᠤᠰᠤ ᠦᠭᠡᠢ
ᠴᠡᠩᠬᠡᠷ ᠲᠡᠭᠷᠢ ᠵᠢᠨ ᠲᠠᠩᠨᠠᠢ᠎ᠳᠤ ᠡᠭᠦᠯᠡ ᠦᠭᠡᠢ
ᠴᠢᠭᠢᠭ ᠵᠶ᠋ᠠᠨ ᠠᠯᠳᠠᠭᠰᠠᠨ ᠲᠠᠷᠢᠶᠠᠨ᠎ᠳᠤ ᠴᠢᠬᠢ ᠦᠭᠡᠢ
ᠴᠢᠮ᠎ᠠ ᠨᠠᠮ᠎ᠠ ᠵᠢ ᠵᠣᠪᠠᠭ᠋ᠠᠭᠰᠠᠨ ᠵᠤᠨ ᠪᠣᠷᠣᠭ᠎ᠠ ᠦᠭᠡᠢ
ᠠᠪᠤ ᠵᠢᠨ ᠮᠠᠯᠲᠠᠭᠰᠠᠨ ᠬᠤᠳᠳᠤᠭ ᠤᠰᠤ ᠦᠭᠡᠢ
ᠠᠷᠠᠯ᠎ᠨᠢ ᠬᠠᠲᠠᠭᠰᠠᠨ ᠭᠣᠣᠯ ᠤᠷᠤᠰᠬᠠᠯ ᠦᠭᠡᠢ
ᠴᠠᠭ ᠠᠭ᠋ᠠᠷ ᠰᠠᠷᠬᠤᠳ ᠬᠤᠪᠢᠯᠵᠤ ᠬᠤᠨᠳᠠᠭ᠋ᠠᠨ᠎ᠳᠤ ᠲᠤᠨᠤᠨ᠎ᠠ
ᠴᠠᠩᠭ᠋ᠠᠭᠰᠠᠨ ᠰᠡᠳᠬᠢᠯ ᠵᠶ᠋ᠠᠨ ᠤᠮᠳᠠᠯᠠᠵᠤ ᠭᠠᠭᠴᠠᠬᠠᠨ ᠬᠥᠨᠲᠥᠷᠦᠨᠡ
ᠲᠠᠷᠢᠶᠠᠴᠢᠨ ᠮᠢᠨᠤ ᠲᠡᠭᠷᠢ ᠬᠦᠰᠡᠭᠰᠡᠨ ᠰᠠᠨᠠᠭ᠎ᠠ
ᠲᠠᠷᠢᠵᠤ ᠤᠷᠭᠤᠭᠤᠯᠬᠤ᠎ᠠᠴᠠ ᠡᠬᠢᠯᠡᠨ᠎ᠡ
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ