ᠤᠶᠠᠭ᠋ᠠᠨ ᠳᠡᠭᠡᠷ᠎ᠡ ᠪᠠᠭᠤᠭᠰᠠᠨ ᠨᠠᠮᠤᠷ
ᠨᠡᠶ᠋ᠢᠲᠡᠯᠡᠭᠰᠡᠨ ᠴᠠᠭ᠄ 2024-08-16
ᠵᠣᠬᠢᠶᠠᠭᠴᠢ᠄ ᠨᠢ᠊·ᠡᠷᠳᠡᠨᠢᠪᠠᠭ᠋ᠠᠲᠤᠷ
ᠵᠤᠯᠠᠢ ᠨᠢᠮᠭᠡᠨ ᠬᠡᠦᠬᠡᠳ᠎ᠤᠳ ᠨᠠᠷᠨ ᠰᠢᠷᠣᠢ ᠬᠣᠶᠠᠷ᠎ᠤᠨ ᠵᠶ᠋ᠠᠨ ᠰᠢᠮ᠎ᠡ ᠵᠢ ᠬᠦᠷᠲᠡᠵᠦ ᠠᠮᠵᠢᠭ᠎ᠠ ᠦᠭᠡᠢ᠎ᠪᠠᠷ
ᠵᠢᠷᠤᠭ ᠰᠢᠭ᠋ ᠬᠥᠭᠡᠷᠦᠬᠦᠨ ᠬᠡᠦᠬᠡᠨᠴᠦᠳ ᠨᠠᠢ᠌ᠷ ᠬᠤᠷᠢᠮ ᠬᠣᠶᠠᠷ᠎ᠲᠤ ᠭᠠᠩᠭ᠋ᠠᠷᠠᠵᠤ ᠭᠦᠢ᠍ᠴᠡᠭᠡ ᠦᠭᠡᠢ᠎ᠪᠠᠷ
ᠵᠤᠰᠠᠭ᠋ᠠᠯᠤᠨ ᠲᠣᠷᠭ᠋ᠠᠨ ᠲᠡᠨᠵᠢ ᠰᠦ ᠳᠠᠭᠤᠤ ᠬᠣᠶᠠᠷ ᠵᠶ᠋ᠠᠷ ᠪᠢᠯᠬᠠᠵᠤ ᠬᠠᠨᠤᠭ᠎ᠠ ᠦᠭᠡᠢ᠎ᠪᠠᠷ
ᠵᠤᠨ᠎ᠤ ᠰᠠᠢ᠌ᠬᠠᠨ ᠪᠠᠢ᠌ᠭ᠋ᠠᠯᠢ᠎ᠳᠤ ᠨᠢᠳᠦ ᠰᠡᠳᠬᠢᠯ ᠬᠣᠶᠠᠷ ᠠᠭᠤᠰᠴᠤ ᠵᠠᠪᠳᠤᠭ᠎ᠠ ᠦᠭᠡᠢ᠎ᠪᠠᠷ
ᠨᠠᠮᠤᠷ᠎ᠤᠨ ᠡᠳᠦᠷ᠎ᠤᠳ ᠶᠥᠷᠭᠡᠨ ᠳᠠᠪᠬᠢᠯᠳᠤᠨ
ᠤᠶᠠᠭ᠋ᠠᠨ ᠳᠡᠭᠡᠷ᠎ᠡ ᠪᠠᠭᠤᠴᠢᠬᠠᠯ᠎ᠠ
ᠨᠠᠭ᠋ᠠᠳᠤᠮ᠎ᠤᠨ ᠲᠣᠭᠣᠰᠣ᠎ᠪᠠᠨ ᠠᠷᠴᠢᠬᠤ ᠵᠢᠨ ᠵᠠᠪ ᠥᠭᠭᠦᠯ ᠦᠭᠡᠢ
ᠨᠠᠳᠠ᠎ᠲᠠᠢ ᠭᠠᠷ ᠠᠳᠬᠤᠨ ᠵᠣᠯᠭ᠋ᠠᠴᠢᠬᠠᠯᠠ
ᠬᠤᠷ᠎ᠠ ᠪᠣᠷᠣᠭ᠋ᠠᠨ᠎ᠨᠢ ᠲᠡᠩᠴᠡᠵᠦ ᠳᠠᠭ᠋ᠠᠭ᠋ᠠᠴᠠ᠎ᠲᠠᠢ ᠭᠡᠳᠦ ᠪᠣᠷᠣᠭ᠋ᠠᠯᠠᠭᠠ ᠦᠭᠡᠢ᠎ᠪᠠᠷ
ᠬᠣᠰᠢᠭᠤ ᠲᠣᠯᠣᠭ᠋ᠠᠳᠤᠨ ᠬᠥᠨᠳᠡᠢ᠎ᠳᠤ ᠬᠠᠳᠤᠯᠠᠩ ᠴᠦ᠍ ᠲᠢᠭᠯᠡᠵᠦ ᠤᠷᠭᠤᠭ᠎ᠠ ᠦᠭᠡᠢ᠎ᠪᠠᠷ
ᠬᠤᠯᠨ ᠳᠠᠪᠬᠢᠭᠴᠢ ᠠᠵᠢᠨᠠᠢ ᠮᠠᠨᠢ ᠴᠢᠯᠡᠭᠡ᠎ᠪᠠᠨ ᠴᠦ᠍ ᠰᠠᠢ᠌ᠨ ᠭᠠᠷᠭ᠋ᠠᠭᠠ ᠦᠭᠡᠢ᠎ᠪᠠᠷ
ᠬᠤᠭᠤᠷ ᠵᠶ᠋ᠠᠨ ᠬᠥᠭᠯᠡᠭᠰᠡᠨ ᠡᠪᠦᠭᠡᠳ ᠮᠢᠨᠢ ᠬᠠᠭᠤᠴᠢ᠎ᠪᠠᠨ ᠴᠦ᠍ ᠡᠬᠢᠯᠡᠵᠦ ᠬᠥᠭᠡᠷᠦᠭᠡ ᠦᠭᠡᠢ᠎ᠪᠠᠷ
ᠨᠠᠮᠤᠷ᠎ᠤᠨ ᠡᠳᠦᠷ᠎ᠤᠳ ᠶᠥᠷᠭᠡᠨ ᠳᠠᠪᠬᠢᠯᠳᠤᠨ
ᠤᠶᠠᠭ᠋ᠠᠨ ᠳᠡᠭᠡᠷ᠎ᠡ ᠪᠠᠭᠤᠴᠢᠬᠠᠯ᠎ᠠ
ᠨᠠᠭ᠋ᠠᠳᠤᠮ᠎ᠤᠨ ᠲᠣᠭᠣᠰᠣ᠎ᠪᠠᠨ ᠠᠷᠴᠢᠬᠤ ᠵᠢᠨ ᠵᠠᠪ ᠥᠭᠭᠦᠯ ᠦᠭᠡᠢ
ᠨᠠᠳᠠ᠎ᠲᠠᠢ ᠭᠠᠷ ᠠᠳᠬᠤᠨ ᠵᠣᠯᠭ᠋ᠠᠴᠢᠬᠠᠯᠠ
ᠠᠭᠤᠯᠠᠨ᠎ᠤ ᠪᠣᠷᠣ ᠭᠥᠷᠥᠭᠡᠰᠦᠨ᠎ᠤ ᠢᠨᠵᠠᠭ᠎ᠠ ᠵᠢᠨ ᠤᠳᠤᠨ ᠲᠣᠯᠪᠣ᠎ᠨᠢ ᠴᠦ᠍ ᠠᠷᠢᠯᠤᠭ᠎ᠠ ᠦᠭᠡᠢ᠎ᠪᠠᠷ
ᠤᠰᠤᠨ᠎ᠤ ᠤᠯᠠᠨ ᠰᠢᠪᠠᠭᠤᠳ᠎ᠤᠨ ᠳᠡᠭᠳᠡᠭᠡᠬᠡᠢ᠎ᠨᠢ ᠨᠢᠰᠴᠦ ᠬᠠᠷᠠᠬᠠᠨ ᠰᠤᠷᠤᠭ᠎ᠠ ᠦᠭᠡᠢ᠎ᠪᠠᠷ
ᠤᠭᠵᠢᠭᠤᠷ ᠬᠡᠳᠦᠨ ᠬᠤᠷᠠᠭ᠎ᠠ ᠮᠢᠨᠢ ᠰᠦᠷᠦᠭ ᠵᠶ᠋ᠠᠨ ᠴᠦ᠍ ᠲᠠᠭ᠋ᠠᠵᠤ ᠶᠠᠪᠤᠭ᠎ᠠ ᠦᠭᠡᠢ᠎ᠪᠠᠷ
ᠤᠶᠠᠬᠠᠨ ᠬᠣᠩᠭᠣᠷ ᠰᠡᠳᠬᠢᠯ ᠮᠢᠨᠢ ᠮᠥᠷᠥᠭᠡᠳᠦᠯ᠎ᠤᠨ ᠵᠢᠭᠦᠷ ᠵᠶ᠋ᠠᠨ ᠴᠦ᠍ ᠳᠡᠯᠭᠡᠭᠡ ᠦᠭᠡᠢ᠎ᠪᠠᠷ
ᠨᠠᠮᠤᠷ᠎ᠤᠨ ᠡᠳᠦᠷ᠎ᠤᠳ ᠶᠥᠷᠭᠡᠨ ᠳᠠᠪᠬᠢᠯᠳᠤᠨ
ᠤᠶᠠᠭ᠋ᠠᠨ ᠳᠡᠭᠡᠷ᠎ᠡ ᠪᠠᠭᠤᠴᠢᠬᠠᠯ᠎ᠠ
ᠨᠠᠭ᠋ᠠᠳᠤᠮ᠎ᠤᠨ ᠲᠣᠭᠣᠰᠣ᠎ᠪᠠᠨ ᠠᠷᠴᠢᠬᠤ ᠵᠢᠨ ᠵᠠᠪ ᠥᠭᠭᠦᠯ ᠦᠭᠡᠢ
ᠨᠠᠳᠠ᠎ᠲᠠᠢ ᠭᠠᠷ ᠠᠳᠬᠤᠨ ᠵᠣᠯᠭ᠋ᠠᠴᠢᠬᠠᠯᠠ
ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ