ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠨᠠᠮᠤᠷ

ᠨᠡᠶ᠋ᠢᠲᠡᠯᠡᠭᠰᠡᠨ ᠴᠠᠭ᠄   2024-08-16

              ᠵᠣᠬᠢᠶᠠᠭᠴᠢ᠄ ᠰ᠊·ᠥᠨᠳᠥᠷᠯᠢᠭ


ᠨᠠᠷᠢᠮᠤ ᠵᠢᠨ ᠲᠦᠷᠦᠭᠦᠦ ᠨᠠᠰᠤ᠎ᠪᠠᠨ ᠳᠠᠭ᠋ᠠᠭ᠋ᠠᠮ᠎ᠠ ᠦᠭᠡᠢ ᠪᠥᠬᠥᠢ᠌ᠨ᠎ᠡ

ᠨᠠᠮᠤᠷ ᠪᠣᠯᠵᠤ ᠳ᠋ᠠ᠂ ᠬᠥᠭᠡᠷᠦᠬᠦᠢ!


ᠲᠠᠢ᠌ᠪᠤᠩ ᠳᠡᠯᠡᠬᠡᠢ ᠵᠢᠨ ᠲᠠᠷᠢᠬᠢ᠎ᠨᠢ ᠲᠠᠷᠴᠠ ᠵᠢᠨ ᠲᠠᠭᠤᠨ᠎ᠳᠤ ᠪᠤᠴᠠᠯᠤᠨ᠎ᠠ

ᠲᠡᠷᠡ᠎ᠨᠢ ᠨᠠᠮᠤᠷ᠎ᠤᠨ ᠦᠳᠡᠰᠢ ᠮᠥᠨ


ᠦᠨᠳᠦᠰᠦ ᠤᠷᠤᠭᠤ᠎ᠪᠠᠨ ᠤᠩᠰᠢᠵᠤ ᠥᠯᠮᠡᠢ ᠳᠡᠭᠡᠷ᠎ᠡ᠎ᠪᠠᠨ ᠥᠲᠡᠯᠦᠨ᠎ᠡ

ᠦᠵᠡᠰᠡ᠂ ᠡᠷᠳᠡᠨᠢ ᠰᠢᠰᠢ ᠵᠢᠨ ᠦᠷ᠎ᠡ ᠵᠢᠮᠢᠰ ᠡᠢ᠌ᠮᠦ ᠯᠡ


ᠮᠥᠴᠢᠷ᠎ᠠᠴᠠ᠎ᠪᠠᠨ ᠤᠢ᠌ᠳᠤᠭᠰᠠᠨ ᠵᠢᠮᠢᠰ᠎ᠤᠨ ᠲᠠᠰᠤᠷᠠᠬᠤ᠎ᠨᠢ ᠬᠥᠭᠵᠢᠮ

ᠪᠥᠮᠪᠥᠷᠴᠡᠭ᠎ᠤᠨ ᠲᠠᠲᠠᠬᠤ ᠬᠦᠴᠦᠨ᠎ᠤ ᠠᠶᠠᠯᠭᠤ


ᠪᠤᠴᠠᠬᠤ ᠭᠠᠯᠠᠭᠤᠳ᠎ᠤᠨ ᠪᠤᠷᠴᠠᠭ᠎ᠤᠨ ᠴᠢᠨᠡᠭᠡᠨ ᠭᠤᠨᠢᠭ

ᠪᠣᠷᠣᠭ ᠡᠪᠡᠰᠦᠨ ᠳᠡᠭᠡᠷ᠎ᠡ ᠤᠨᠠᠨ᠎ᠠ


ᠪᠠᠭ᠎ᠠ ᠵᠢᠨ ᠳᠡᠯᠡᠬᠡᠢ᠎ᠳᠤ ᠪᠠᠭᠪᠠᠭ᠋ᠠᠢ ᠴᠡᠴᠡᠭ᠎ᠤᠨ ᠦᠳᠦᠨ ᠮᠠᠯᠠᠭ᠋ᠠᠢ᠎ᠨᠢ ᠬᠡᠢ᠌ᠰᠦᠨ᠎ᠡ

ᠪᠠᠷᠤᠭ ᠯᠡ ᠨᠠᠮᠤᠷ ᠪᠣᠯᠵᠤ ᠳ᠋ᠠ


ᠵᠡᠭᠦᠨ ᠠᠭᠤᠯᠠᠨ᠎ᠤ ᠪᠠᠲᠤᠴᠠᠭ᠋ᠠᠨ᠎ᠤ ᠵᠡᠭᠦᠳᠡᠭ ᠤᠯᠠᠭ᠋ᠠᠨ ᠠᠯᠴᠢᠭᠤᠷ᠎ᠨᠢ ᠨᠠᠮᠢᠷᠠᠨ᠎ᠠ

ᠵᠡᠭᠦᠳᠦᠨ᠎ᠤ ᠠᠮᠠᠷᠠᠭ ᠮᠢᠨᠢ ᠢᠷᠡᠭᠡ ᠴᠣ᠌ ᠶᠤᠮ ᠤᠤ?


ᠪᠠᠷᠠᠭᠤᠨ ᠵᠢᠯᠠᠭ᠎ᠠ ᠵᠢᠨ ᠪᠤᠭᠤ ᠤᠷᠤᠮᠳᠠᠬᠤ᠎ᠨᠢ ᠬᠥᠭᠵᠢᠮ

ᠪᠤᠳᠤᠯ᠎ᠤᠨ ᠦᠵᠦᠭᠦᠷ᠎ᠲᠤ ᠨᠠᠮᠤᠷ ᠰᠠᠭ᠋ᠠᠲᠠᠭ᠎ᠠ ᠭᠡᠵᠢ ᠤᠤ?


ᠤᠳᠪᠠᠯ᠎ᠠ ᠴᠡᠴᠡᠭ ᠤᠷᠤᠭᠤᠯ᠎ᠤᠨ ᠪᠤᠳᠤᠭ ᠵᠶ᠋ᠠᠨ ᠭᠦᠷᠳᠡᠯ᠎ᠡ ᠥᠭᠡᠷᠡᠴᠢᠯᠡᠵᠡᠢ

ᠤᠷᠤᠭ᠎ᠤᠨ ᠭᠠᠵᠠᠷ᠎ᠲᠠᠭᠠᠨ ᠪᠠᠷᠤᠭ ᠯᠡ ᠥᠲᠡᠯᠦᠭᠡᠳ ᠮᠣᠷᠳᠠᠭᠰᠠᠨ ᠪᠠᠢ᠌ᠬᠤ ᠳ᠋ᠠ


ᠬᠡᠨᠵᠡ ᠨᠣᠭᠣᠭ᠎ᠠ ᠪᠤᠬᠠᠯ᠎ᠤᠨ ᠬᠥᠯ᠎ᠳᠤ ᠡᠷᠡᠦ ᠵᠢᠨ ᠰᠠᠬᠠᠯ ᠰᠢᠭ᠋ ᠡᠷᠪᠡᠢ᠌ᠵᠦ ᠬᠠᠷᠠᠭᠳᠠᠨ᠎ᠠ

ᠬᠡᠭᠡᠷ᠎ᠡ ᠵᠢᠨ ᠭᠡᠰᠦᠭᠦᠯ ᠰᠠᠯᠬᠢ ᠬᠤᠷᠤᠭᠤᠨ ᠥᠨᠳᠡᠭᠡ ᠡᠰᠭᠡᠮ᠎ᠡ ᠵᠢᠩᠳᠡᠭᠦᠨ

ᠵᠠᠳᠠᠭ᠋ᠠᠢ ᠲᠠᠯ᠎ᠠ ᠵᠢᠨ ᠨᠠᠮᠤᠷ᠎ᠤᠨ ᠤᠳᠪᠠᠯ᠎ᠠ ᠵᠢ ᠪᠤᠯᠢᠶᠠᠯᠳᠤᠵᠤ

ᠵᠠᠭ᠋ᠠᠨ᠎ᠤ ᠰᠣᠶᠣᠭ᠎ᠠ ᠰᠢᠭ᠋ ᠠᠭᠤᠯᠠᠰ ᠡᠩᠭᠡᠷ ᠵᠠᠭ᠋ᠠᠮ᠎ᠠ᠎ᠪᠠᠨ ᠠᠪᠤᠯᠴᠠᠨ᠎ᠠ


ᠬᠡᠨᠵᠡ ᠬᠤᠷᠠᠭ᠎ᠠ ᠬᠡᠨᠵᠡ ᠨᠣᠭᠣᠭ᠎ᠠ ᠴᠢᠮᠬᠢᠯᠡᠵᠦ ᠮᠠᠢ᠌ᠯᠠᠨ᠎ᠠ

ᠬᠡᠭᠡᠷ᠎ᠡ ᠵᠢᠨ ᠰᠥᠯ ᠳᠡᠭᠡᠷ᠎ᠡ ᠬᠥᠭᠡᠷᠦᠬᠦᠨ ᠲᠠᠭᠤ᠎ᠨᠢ ᠴᠠᠷᠴᠠᠭᠤ


ᠨᠢᠯᠪᠤᠰᠤᠨ ᠲᠤᠰᠤᠯ ᠰᠢᠭ᠋ ᠬᠡᠯᠬᠢᠯᠳᠦᠨ ᠲᠠᠰᠤᠷᠠᠬᠤ ᠨᠠᠮᠤᠷ᠎ᠤᠨ ᠨᠠᠪᠴᠢᠰ

ᠨᠦᠮᠵᠦᠭᠬᠡᠨ ᠰᠡᠳᠬᠢᠯ᠎ᠤᠨ ᠨᠠᠮᠠᠭ᠋ᠠᠨ᠎ᠠᠴᠠ ᠬᠡᠢ᠌ᠰᠦᠨ ᠬᠡᠢ᠌ᠰᠦᠨ ᠤᠨᠠᠨ᠎ᠠ


ᠴᠢᠨᠦ ᠬᠦᠵᠦᠭᠦᠨ᠎ᠤ ᠣᠷᠢᠶᠠᠯᠲᠠ ᠰᠢᠭ᠋ ᠴᠠᠭ᠋ᠠᠨ ᠡᠭᠦᠯᠡ

ᠴᠢᠮ᠎ᠠ ᠵᠢ ᠮᠥᠷᠥᠭᠡᠳᠦᠭᠰᠡᠨ ᠰᠡᠳᠬᠢᠯ᠎ᠤᠨ ᠬᠢᠵᠠᠭ᠋ᠠᠷ᠎ᠠᠴᠠ


ᠴᠡᠴᠡᠭᠡᠰ᠎ᠤᠨ ᠦᠨᠦᠷ᠎ᠲᠠᠢ ᠪᠣᠷᠣᠭ᠎ᠠ᠎ᠲᠠᠢ᠎ᠪᠠᠨ ᠴᠠᠭ᠎ᠤᠨ ᠪᠠᠭᠤᠴᠠᠨ᠎ᠳᠤ ᠬᠣᠯᠠᠳᠠᠨ᠎ᠠ

ᠮᠢᠨᠤ ᠳᠤᠷᠠᠯᠠᠯ᠎ᠤᠨ ᠪᠣᠯᠵᠣᠭ᠎ᠠ ᠰᠢᠭ᠋ ᠠᠮᠠᠷᠠᠭ ᠨᠣᠭᠣᠭ᠋ᠠᠨ ᠵᠤᠨ


ᠳᠤᠷᠠᠰᠤᠯ᠎ᠤᠨ ᠮᠥᠴᠢᠷ᠎ᠠᠴᠠ ᠵᠠᠯᠠᠭᠤ ᠨᠠᠰᠤ ᠰᠢᠭ᠋ ᠬᠠᠭᠳᠠᠷᠠᠨ ᠬᠠᠭᠳᠠᠷᠠᠨ

ᠴᠠᠰᠤᠨ ᠭᠦᠷᠮ᠎ᠡ᠎ᠲᠠᠢ ᠡᠪᠦᠯ ᠤᠷᠤᠭᠤ ᠤᠨᠠᠨ᠎ᠠ

ᠬᠠᠨ ᠳᠡᠯᠡᠬᠡᠢ᠎ᠳᠤ ᠬᠠᠢ᠌ᠷ᠎ᠠ ᠢᠯᠴᠢ᠎ᠪᠠᠨ ᠬᠠᠷᠠᠮ ᠦᠭᠡᠢ ᠶᠡᠭᠦᠯᠡᠭᠰᠡᠭᠡᠷ

ᠬᠠᠳᠠᠮ᠎ᠤᠨ ᠵᠶ᠋ᠠᠨ ᠭᠠᠵᠠᠷ᠎ᠲᠤ ᠨᠠᠷᠠ ᠥᠲᠡᠯᠦᠨ᠎ᠡ


ᠲᠣᠪ ᠲᠤᠩᠭ᠋ᠠᠯᠠᠭ ᠨᠢᠯᠪᠤᠰᠤᠨ᠎ᠤ ᠳᠣᠲᠣᠷ᠎ᠠ

ᠲᠣᠳᠣ ᠲᠣᠳᠣᠬᠠᠨ ᠪᠦᠲᠦᠳᠡᠭ ᠵᠢᠷᠤᠭ᠎ᠨᠢ ᠭᠠᠪ ᠰᠢᠷ᠎ᠠ ᠥᠩᠭᠡ᠎ᠲᠠᠢ


ᠨᠠᠮᠤᠷ᠎ᠤᠨ ᠵᠢᠩᠳᠡᠭᠦᠨ ᠰᠡᠪᠰᠢᠶ᠎ᠡ᠎ᠨᠢ

ᠨᠤᠯ ᠨᠣᠭᠣᠭ᠋ᠠᠨ ᠥᠩᠭᠡ ᠵᠢ ᠠᠷᠴᠢᠭᠰᠠᠨ ᠭᠠᠷ ᠠᠯᠴᠢᠭᠤᠷ ᠮᠥᠨ


ᠬᠦᠢ᠍ᠲᠡᠨ ᠬᠢᠷᠠᠭᠤ ᠳᠣᠯᠢᠶᠠᠭᠰᠠᠨ ᠨᠠᠷᠠᠨ᠎ᠤ ᠭᠡᠯᠡ᠎ᠨᠢ ᠵᠢᠩᠳᠡᠨ᠎ᠡ

ᠬᠦᠷᠢᠶᠡᠲᠦ ᠵᠢᠨ ᠨᠠᠭᠤᠷ᠎ᠤᠨ ᠤᠰᠤᠨ ᠳᠡᠭᠡᠷ᠎ᠡ ᠬᠤᠷᠤᠭᠤ ᠵᠤᠵᠠᠭ᠋ᠠᠨ ᠥᠷᠥᠮ᠎ᠡ ᠰᠠᠭᠤᠨ᠎ᠠ


ᠬᠡᠰᠢᠭ᠎ᠲᠠᠢ ᠰᠢᠷ᠎ᠠ ᠲᠠᠯ᠎ᠠ ᠵᠢᠨ ᠨᠠᠮᠤᠷ ᠬᠡᠰᠡᠭ᠎ᠲᠠᠢ ᠴᠠᠭ᠋ᠠᠨ ᠬᠤᠷᠤᠳ ᠰᠢᠭ᠋ ᠮᠢᠨᠴᠢᠢ᠍ᠨ᠎ᠡ

ᠬᠡᠭᠡᠷ᠎ᠡ ᠵᠢᠨ ᠡᠪᠡᠰᠦᠨ᠎ᠤ ᠰᠤᠷ ᠳᠡᠭᠡᠭᠦᠷ ᠵᠡᠭᠡᠷ᠎ᠡ ᠵᠢᠨ ᠭᠦᠶᠦᠳᠡᠯ᠎ᠲᠠᠢ ᠰᠠᠯᠬᠢ ᠱᠣᠭᠰᠢᠨ᠎ᠠ

 

ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ