ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠳᠡᠭᠡᠳᠦᠯᠡᠨ ᠠᠮᠢᠨᠴᠢᠯᠠᠬᠤ ᠮᠢᠨᠢ ᠶᠠᠭ᠋ᠠᠬᠢᠯ᠎ᠠ

ᠨᠡᠶ᠋ᠢᠲᠡᠯᠡᠭᠰᠡᠨ ᠴᠠᠭ᠄   2024-07-30

 

                ᠵᠣᠬᠢᠶᠠᠭᠴᠢ᠄ ᠪᠣᠷᠵᠢᠭᠢᠨ ᠬᠤᠪᠢᠰᠬᠠᠯᠲᠤ

 

ᠨᠠᠷᠠᠨ᠎ᠤ ᠠᠯᠳᠠᠨ ᠰᠠᠴᠤᠷᠠᠭ ᠵᠶ᠋ᠠᠷ
ᠴᠠᠢ ᠰᠦᠯᠡᠵᠦ ᠪᠤᠯᠳᠠᠭ ᠰᠠᠨ ᠪᠣᠯ
ᠨᠠᠰᠤᠲᠠᠨ ᠪᠤᠭᠤᠷᠤᠯ ᠠᠪᠤ ᠡᠵᠢ ᠵᠢ᠎ᠪᠠᠨ
ᠠᠴᠢᠯᠠᠨ ᠬᠦᠨᠳᠦᠯᠡᠬᠦ ᠮᠢᠨᠢ ᠶᠠᠭ᠋ᠠᠬᠢᠯ᠎ᠠ ᠳ᠋ᠠ


ᠰᠠᠷᠠᠨ᠎ᠤ ᠮᠥᠩᠭᠥᠨ ᠲᠤᠶᠠᠭ᠎ᠠ᠎ᠪᠠᠷ
ᠳᠤᠷᠠᠯᠠᠯ ᠵᠶ᠋ᠠᠨ ᠠᠷᠭ᠋ᠠᠮᠵᠢᠵᠤ ᠪᠤᠯᠳᠠᠭ ᠰᠠᠨ ᠪᠣᠯ
ᠰᠠᠢ᠌ᠬᠠᠨ ᠬᠣᠩᠭᠣᠷ ᠲᠡᠭᠦᠨ᠎ᠢ᠎ᠪᠠᠨ
ᠰᠠᠨᠠᠵᠤ ᠪᠠᠶᠠᠷᠯᠠᠭᠤᠯᠬᠤ ᠮᠢᠨᠢ ᠶᠠᠭ᠋ᠠᠬᠢᠯ᠎ᠠ ᠳ᠋ᠠ


ᠤᠳᠤ ᠰᠤᠪᠤᠷᠠᠬᠤ ᠠᠨᠢᠷ ᠵᠶ᠋ᠠᠷ
ᠣᠷᠴᠢᠯᠠᠩ᠎ᠢ ᠤᠬᠠᠵᠤ ᠪᠤᠯᠳᠠᠭ ᠰᠠᠨ ᠪᠣᠯ
ᠤᠷᠭ᠋ᠠᠨ ᠰᠠᠭ᠋ᠠᠷᠠᠯ ᠵᠶ᠋ᠠᠨ ᠡᠮᠡᠭᠡᠯᠯᠡᠵᠦ
ᠣᠮᠣᠭᠯᠠᠩ ᠳᠠᠪᠬᠢᠬᠤ ᠮᠢᠨᠢ ᠶᠠᠭ᠋ᠠᠬᠢᠯ᠎ᠠ ᠳ᠋ᠠ


ᠨᠥᠮᠥᠭᠡᠨ ᠴᠠᠭ᠋ᠠᠨ ᠡᠭᠦᠯᠡ ᠵᠢ
ᠡᠰᠬᠡᠵᠦ ᠵᠦᠢ᠍ᠵᠦ ᠪᠤᠯᠳᠠᠭ ᠰᠠᠨ ᠪᠣᠯ
ᠨᠠᠮᠵᠠᠷ ᠰᠠᠢ᠌ᠬᠠᠨ ᠲᠡᠪᠡᠯ ᠣᠶᠣᠭᠤᠯᠵᠤ
ᠡᠮᠦᠰᠴᠦ ᠭᠠᠩᠭ᠋ᠠᠷᠠᠬᠤ ᠮᠢᠨᠢ ᠶᠠᠭ᠋ᠠᠬᠢᠯ᠎ᠠ ᠳ᠋ᠠ


ᠪᠣᠷᠣᠭ᠋ᠠᠨ᠎ᠤ ᠴᠡᠩᠬᠡᠷ ᠲᠤᠰᠤᠯ ᠵᠶ᠋ᠠᠷ
ᠡᠷᠢᠭᠡ ᠬᠡᠯᠬᠢᠵᠦ ᠪᠤᠯᠳᠠᠭ ᠰᠠᠨ ᠪᠣᠯ
ᠪᠤᠶᠠᠨ ᠵᠠᠶᠠᠭ᠎ᠠ᠎ᠪᠠᠨ ᠳᠠᠭ᠋ᠠᠳᠬᠠᠵᠤ
ᠡᠩᠬᠡ ᠵᠢᠷᠭ᠋ᠠᠬᠤ ᠮᠢᠨᠢ ᠶᠠᠭ᠋ᠠᠬᠢᠯ᠎ᠠ ᠳ᠋ᠠ


ᠲᠡᠭᠷᠢ ᠵᠢᠨ ᠤᠷᠢᠬᠠᠨ ᠰᠠᠯᠬᠢ᠎ᠪᠠᠨ
ᠲᠡᠭᠰᠢ ᠰᠠᠢ᠌ᠬᠠᠨ ᠰᠡᠪᠡᠯᠵᠡᠭᠦᠯᠳᠡᠭ ᠰᠠᠨ ᠪᠣᠯ
ᠲᠡᠨᠢᠭᠡᠷᠭᠡᠨ ᠬᠥᠳᠡᠭᠡ᠎ᠪᠠᠨ ᠪᠠᠬᠠᠳᠤᠵᠤ
ᠳᠡᠭᠡᠳᠦᠯᠡᠨ ᠠᠮᠢᠨᠴᠢᠯᠠᠬᠤ ᠮᠢᠨᠢ ᠶᠠᠭ᠋ᠠᠬᠢᠯ᠎ᠠ ᠳ᠋ᠠ᠃


ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ