ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠮᠠᠨ᠎ᠤ ᠣᠷᠣᠨ᠎ᠤ ᠤᠷᠠᠯᠢᠭ ᠵᠦᠴᠦᠭᠡ ᠵᠢᠨ ᠬᠦᠷᠢᠶᠡᠯᠡᠩ ᠭᠤᠷᠪᠠᠨ ᠲᠣᠮᠣ ᠱᠠᠩᠨᠠᠯ ᠲᠤᠰᠴᠠᠢ

ᠨᠡᠶ᠋ᠢᠲᠡᠯᠡᠭᠰᠡᠨ ᠴᠠᠭ᠄   2024-07-30

      ᠥᠪᠥᠷ ᠮᠣᠩᠭᠣᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠠᠴᠠ ᠣᠢ᠌ᠯᠠᠭ᠋ᠠᠭᠰᠠᠨ ᠵᠶ᠋ᠡᠷ᠂ ᠣᠷᠴᠢᠮᠬᠠᠨ ᠪᠣᠯᠤᠭᠰᠠᠨ ᠠᠷᠪᠠᠨ ᠳᠣᠯᠣᠳᠤᠭ᠋ᠠᠷ ᠬᠤᠭᠤᠴᠠᠭ᠋ᠠᠨ᠎ᠤ ᠲᠤᠮᠳᠠᠳᠦ ᠤᠯᠤᠰ᠎ᠤᠨ ᠨᠠᠢ᠌ᠷᠠᠯ ᠳᠠᠭᠤᠤ ᠵᠢᠨ ᠨᠠᠢ᠌ᠷ᠎ᠲᠤ ᠥᠪᠥᠷ ᠮᠣᠩᠭᠣᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠨᠠᠢ᠌ᠷᠠᠯ ᠳᠠᠭᠤᠤ ᠵᠢᠨ ᠪᠦᠯᠭᠦᠮ ᠠᠷᠠᠳ᠎ᠤᠨ ᠳᠠᠭᠤᠤ ᠵᠢᠨ ᠳᠤᠭᠤᠢ᠌ᠯᠠᠩ᠎ᠤᠨ ᠨᠢᠭᠡᠳᠦᠭᠡᠷ ᠳᠡᠰ᠎ᠤᠨ ᠨᠠᠢ᠌ᠷᠠᠯ ᠳᠠᠭᠤᠤ ᠵᠢᠨ ᠪᠦᠯᠭᠦᠮ᠂ ᠨᠠᠰᠤᠨ᠎ᠳᠤ ᠭᠦᠷᠦᠭᠰᠡᠳ᠎ᠤᠨ ᠳᠤᠭᠤᠢ᠌ᠯᠠᠩ᠎ᠤᠨ ᠨᠢᠭᠡᠳᠦᠭᠡᠷ ᠳᠡᠰ᠎ᠤᠨ ᠨᠠᠢ᠌ᠷᠠᠯ ᠳᠠᠭᠤᠤ ᠵᠢᠨ ᠪᠦᠯᠭᠦᠮ᠂ ᠬᠡᠪ ᠳᠠᠭᠤᠷᠢᠶᠠᠯ᠎ᠤᠨ ᠨᠠᠢ᠌ᠷᠠᠯ ᠳᠠᠭᠤᠤ ᠵᠢᠨ ᠪᠦᠯᠭᠦᠮ ᠭᠡᠬᠦ ᠭᠤᠷᠪᠠᠨ ᠵᠦᠢ᠍ᠯ᠎ᠤᠨ ᠢᠷᠠᠭᠤ ᠠᠯᠳᠠᠷ᠎ᠢ ᠬᠦᠷᠲᠡᠵᠡᠢ᠃
      ᠠᠷᠠᠳ᠎ᠤᠨ ᠳᠠᠭᠤᠤ ᠵᠢᠨ ᠳᠤᠭᠤᠢ᠌ᠯᠠᠩ᠎ᠤᠨ ᠤᠷᠤᠯᠳᠤᠭ᠋ᠠᠨ ᠲᠦᠷᠦᠭᠦᠬᠡᠨ ᠡᠬᠢᠯᠡᠵᠦ᠂ ᠥᠪᠥᠷ ᠮᠣᠩᠭᠣᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠨᠠᠢ᠌ᠷᠠᠯ ᠳᠠᠭᠤᠤ ᠵᠢᠨ ᠪᠦᠯᠭᠦᠮ 《ᠥᠨᠥᠴᠢᠨ ᠴᠠᠭ᠋ᠠᠨ ᠪᠣᠲᠣᠭᠣ》᠂ 《ᠣᠢ᠌ᠷᠠᠳ᠎ᠤᠨ ᠡᠭᠡᠰᠢᠭᠯᠡᠩ》 ᠵᠡᠷᠭᠡ ᠬᠣᠶᠠᠷ ᠳᠠᠭᠤᠤ ᠵᠢ ᠳᠠᠭᠤᠯᠠᠨ᠂ ᠲᠤᠬᠠᠢ ᠵᠢᠨ ᠲᠠᠯᠠᠪᠠᠢ ᠵᠢᠨ ᠰᠢᠯᠭ᠋ᠠᠷᠠᠭᠤᠯᠬᠤ ᠺᠣᠮᠢᠰ᠎ᠤᠨ ᠳᠡᠭᠡᠳᠦ ᠬᠡᠮᠵᠢᠶᠡᠨ᠎ᠤ ᠮᠠᠭᠲᠠᠭ᠋ᠠᠯ ᠰᠠᠢ᠌ᠰᠢᠶᠠᠯ᠎ᠢ ᠣᠯᠵᠠᠢ; ᠨᠠᠰᠤᠨ᠎ᠳᠤ ᠭᠦᠷᠦᠭᠰᠡᠳ᠎ᠤᠨ ᠳᠤᠭᠤᠢ᠌ᠯᠠᠩ᠎ᠤᠨ ᠤᠷᠤᠯᠳᠤᠭ᠋ᠠᠨ᠎ᠳᠤ᠂ ᠥᠪᠥᠷ ᠮᠣᠩᠭᠣᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠨᠠᠢ᠌ᠷᠠᠯ ᠳᠠᠭᠤᠤ ᠵᠢᠨ ᠪᠦᠯᠭᠦᠮ 《ᠲᠣᠢ᠌ᠭ᠎ᠤᠨ ᠳᠠᠭᠤᠤ》᠂ 《ᠲᠠᠯ᠎ᠠ ᠵᠢᠨ ᠳᠠᠭᠤᠨ》 ᠵᠡᠷᠭᠡ ᠬᠣᠶᠠᠷ ᠳᠠᠭᠤᠤ ᠵᠢ ᠳᠠᠭᠤᠯᠠᠵᠠᠢ᠃ ᠬᠣᠶᠠᠷ ᠲᠠᠯᠠᠪᠠᠢ ᠤᠷᠤᠯᠳᠤᠭ᠋ᠠᠨ᠎ᠳᠤ᠂ ᠥᠪᠥᠷ ᠮᠣᠩᠭᠣᠯ᠎ᠤᠨ ᠤᠷᠠᠯᠢᠭ ᠵᠦᠴᠦᠭᠡ ᠵᠢᠨ ᠬᠦᠷᠢᠶᠡᠯᠡᠩ᠎ᠤᠨ ᠨᠠᠢ᠌ᠷᠠᠯ ᠳᠠᠭᠤᠤ ᠵᠢᠨ ᠪᠦᠯᠭᠦᠮ ᠲᠡᠭᠦᠰ ᠰᠠᠢ᠌ᠬᠠᠨ ᠤᠷ᠎ᠠ ᠠᠪᠢᠶᠠᠰ ᠵᠶ᠋ᠡᠷ ᠵᠶ᠋ᠡᠨ ᠪᠦᠭᠦ ᠳᠡᠯᠡᠬᠡᠢ ᠵᠢᠨ 306 ᠰᠢᠯᠢᠳᠡᠭ ᠨᠠᠢ᠌ᠷᠠᠯ ᠳᠠᠭᠤᠤ ᠵᠢᠨ ᠪᠦᠯᠭᠦᠮ᠎ᠠᠴᠠ ᠴᠣᠯᠭᠣᠷᠠᠨ ᠭᠠᠷᠴᠤ᠂ ᠲᠣᠰ ᠲᠣᠰ ᠬᠣᠶᠠᠷ ᠳᠤᠭᠤᠢ᠌ᠯᠠᠩ᠎ᠤᠨ ᠤᠷᠤᠯᠳᠤᠭ᠋ᠠᠨ᠎ᠤ ᠬᠠᠮᠤᠭ᠎ᠤᠨ ᠥᠨᠳᠥᠷ ᠬᠤᠪᠢ ᠵᠢ ᠣᠯᠵᠤ᠂ ᠨᠢᠭᠡᠳᠦᠭᠡᠷ ᠳᠡᠰ᠎ᠤᠨ ᠨᠠᠢ᠌ᠷᠠᠯ ᠳᠠᠭᠤᠤ ᠵᠢᠨ ᠪᠦᠯᠭᠦᠮ ᠵᠶ᠋ᠡᠷ ᠦᠨᠡᠯᠡᠭᠳᠡᠵᠦ᠂ ᠲᠣᠰ ᠬᠤᠭᠤᠴᠠᠭ᠋ᠠᠨ᠎ᠤ ᠤᠷᠤᠯᠳᠤᠭ᠋ᠠᠨ᠎ᠤ ᠬᠠᠮᠤᠭ᠎ᠤᠨ ᠳᠡᠭᠡᠳᠦ ᠱᠠᠩᠨᠠᠯ ᠪᠤᠯᠬᠤ 《ᠬᠡᠪ ᠳᠠᠭᠤᠷᠢᠶᠠᠯ᠎ᠤᠨ ᠲᠠᠭᠤᠨ》 ᠨᠠᠢ᠌ᠷᠠᠯ ᠳᠠᠭᠤᠤ ᠵᠢᠨ ᠪᠦᠯᠭᠦᠮ᠎ᠤᠨ ᠢᠷᠠᠭᠤ ᠠᠯᠳᠠᠷ᠎ᠤᠨ ᠴᠣᠯᠠ ᠵᠢ ᠬᠦᠷᠲᠡᠵᠡᠢ᠃
      ᠰᠢᠯᠭ᠋ᠠᠷᠠᠭᠤᠯᠬᠤ ᠺᠣᠮᠢᠰ᠎ᠤᠨ ᠭᠡᠰᠢᠭᠦᠨ ᠦ᠋ ᠺᠧ ᠸᠧᠢ᠄ 《ᠥᠪᠥᠷ ᠮᠣᠩᠭᠣᠯ᠎ᠤᠨ ᠨᠠᠢ᠌ᠷᠠᠯ ᠳᠠᠭᠤᠤ ᠵᠢᠨ ᠬᠠᠮᠤᠭ᠎ᠤᠨ ᠶᠡᠬᠡ ᠣᠨᠴᠠᠯᠢᠭ ᠪᠣᠯ ᠭᠠᠵᠠᠷ ᠣᠷᠣᠨ᠎ᠤ ᠣᠨᠴᠠᠯᠢᠭ ᠵᠶ᠋ᠠᠷ ᠪᠢᠯᠬᠠᠮ᠎ᠠ᠂ ᠳᠠᠭᠤᠤ ᠪᠦᠲᠦᠭᠡᠯ᠎ᠤᠨ ᠰᠦᠷ ᠵᠢᠪᠬᠤᠭ᠎ᠠ᠂ ᠳᠠᠭᠤᠯᠠᠬᠤ ᠬᠡᠪ ᠨᠠᠮᠪᠠ ᠵᠢᠨ ᠲᠠᠯ᠎ᠠ᠎ᠪᠠᠷ ᠳᠡᠯᠡᠬᠡᠢ ᠵᠢᠨ ᠴᠢᠨᠠᠷᠲᠠᠢ ᠥᠩᠭᠡ ᠪᠤᠳᠤᠭ ᠴᠢᠩᠭ᠎ᠠ ᠪᠠᠢ᠌ᠳᠠᠭ》 ᠭᠡᠵᠡᠢ᠃ ᠳᠤᠮᠳᠠᠳᠤ ᠤᠯᠤᠰ᠎ᠤᠨ ᠣᠯᠠᠨ ᠤᠯᠤᠰ᠎ᠤᠨ ᠨᠠᠢ᠌ᠷᠠᠯ ᠳᠠᠭᠤᠤ ᠵᠢᠨ ᠨᠠᠢ᠌ᠷ ᠪᠣᠯ ᠠᠽᠢᠶ᠎ᠠ ᠲᠢᠪ ᠨᠣᠮᠣᠬᠠᠨ ᠲᠡᠯᠡᠶ ᠵᠢᠨ ᠣᠷᠣᠨ᠎ᠤ ᠬᠦᠷᠢᠶ᠎ᠡ ᠬᠡᠪᠴᠢᠶ᠎ᠡ᠎ᠪᠠᠷ ᠬᠠᠮᠤᠭ᠎ᠤᠨ ᠥᠷᠭᠡᠨ᠂ ᠳᠡᠰ ᠪᠠᠷᠢᠮᠵᠢᠶ᠎ᠠ᠎ᠪᠠᠷ ᠬᠠᠮᠤᠭ᠎ᠤᠨ ᠥᠨᠳᠥᠷ ᠣᠯᠠᠨ ᠤᠯᠤᠰ᠎ᠤᠨ ᠨᠠᠢ᠌ᠷᠠᠯ ᠳᠠᠭᠤᠤ ᠵᠢᠨ ᠦᠪᠡᠳᠡᠭᠰᠢ ᠴᠤᠭᠯᠠᠭ᠋ᠠᠨ ᠪᠣᠯᠣᠨ᠎ᠠ᠃ ᠲᠣᠰ ᠤᠷᠤᠯᠳᠤᠭ᠋ᠠᠨ᠎ᠳᠤ᠂ ᠪᠦᠭᠦ ᠳᠡᠯᠡᠬᠡᠢ ᠵᠢᠨ ᠲᠠᠪᠤᠨ ᠶᠡᠬᠡ ᠲᠢᠪ᠎ᠤᠨ 31 ᠤᠯᠤᠰ ᠪᠠ ᠭᠠᠵᠠᠷ ᠣᠷᠣᠨ᠎ᠤ ᠨᠠᠢ᠌ᠷᠠᠯ ᠳᠠᠭᠤᠤ ᠵᠢᠨ ᠣᠭᠢ ᠰᠣᠳᠣᠴᠤᠤᠯ ᠪᠡᠭᠡᠵᠢᠩ᠎ᠳᠤ ᠴᠤᠭᠯᠠᠷᠠᠵᠤ᠂ ᠡᠨᠡ ᠤᠳᠠᠭ᠎ᠠ ᠵᠢᠨ ᠳᠠᠭᠤᠤ ᠬᠥᠭᠵᠢᠮ᠎ᠤᠨ ᠦᠪᠡᠳᠡᠭᠰᠢ ᠨᠠᠢ᠌ᠷ᠎ᠲᠤ ᠣᠷᠣᠯᠴᠠᠵᠠᠢ᠃

ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ