ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠪᠣᠷᠣᠭ᠋ᠠᠨ᠎ᠤ ᠦᠨᠦᠷ

ᠨᠡᠶ᠋ᠢᠲᠡᠯᠡᠭᠰᠡᠨ ᠴᠠᠭ᠄   2024-07-30


                       ᠵᠣᠬᠢᠶᠠᠭᠴᠢ᠄ ᠮᠠ᠊ · ᠡᠷᠳᠡᠨᠢᠪᠠᠲᠤ



ᠵᠤᠨ᠎ᠤ ᠪᠣᠷᠣᠭ᠎ᠠ ᠱᠠᠭᠢᠨ ᠣᠷᠣᠬᠤ ᠵᠢ ᠴᠢᠩᠨᠠᠭᠰᠠᠭ᠋ᠠᠷ
ᠵᠢᠷᠤᠭ ᠰᠢᠭ᠋ ᠲᠠᠯ᠎ᠠ᠎ᠳᠠᠭᠠᠨ ᠭᠠᠭᠴᠠᠭ᠋ᠠᠷ ᠭᠡᠭᠡᠯᠵᠡᠨ ᠬᠡᠢ᠌ᠷᠬᠡᠵᠦ
ᠲᠡᠷᠲᠡᠭᠡ ᠠᠯᠤᠰ ᠰᠣᠯᠣᠩᠭ᠋ᠠᠷᠠᠬᠤ ᠲᠡᠭᠷᠢ ᠵᠢᠨ ᠬᠠᠶᠠᠭ᠎ᠠ ᠵᠦᠭ
ᠲᠡᠰᠬᠡᠯ ᠦᠭᠡᠢ ᠮᠥᠷᠥᠭᠡᠳᠦᠯ ᠵᠶ᠋ᠠᠨ ᠠᠯᠳᠠᠵᠤ ᠣᠷᠭᠢᠯ᠎ᠠ
ᠡᠨᠡᠬᠡᠨ ᠣᠷᠴᠢᠯᠠᠩ᠎ᠤᠨ ᠪᠣᠷᠣᠭ᠋ᠠᠨ᠎ᠤ ᠴᠡᠩᠬᠡᠷ ᠳᠤᠰᠤᠯ᠎ᠤᠳ
ᠡᠢ᠌ᠮᠦ ᠯᠠ ᠠᠩᠬᠢᠯᠤᠮ᠎ᠠ ᠪᠠᠢ᠌ᠭ᠎ᠠ ᠵᠢ ᠪᠢ ᠤᠬᠠᠨ ᠮᠡᠳᠡᠭᠡ ᠦᠭᠡᠢ
ᠴᠡᠴᠡᠭᠲᠦ ᠤᠯᠠᠷᠢᠯ᠎ᠤᠨ ᠡᠭᠦᠯᠡᠰ ᠨᠠᠮ᠎ᠠ᠎ᠲᠠᠢ ᠲᠣᠭᠯᠠᠭ᠋ᠠᠮ ᠬᠢᠬᠦ ᠰᠢᠭ
ᠴᠢᠭᠢᠭᠯᠢᠭ ᠲᠠᠭ᠋ᠠᠲᠠᠢ ᠰᠡᠪᠡᠯᠵᠡᠭᠡ ᠴᠡᠭᠡᠵᠢ ᠵᠢ ᠠᠭᠤᠵᠢᠷᠠᠲᠠᠯ᠎ᠠ ᠰᠡᠩᠭᠢᠨᠡᠨ᠎ᠡ
ᠬᠡᠴᠢᠨᠡᠨ ᠵᠢᠯ ᠥᠩᠭᠡᠷᠡᠲᠡᠯ᠎ᠡ ᠬᠡᠭᠡᠷ᠎ᠡ ᠵᠢᠨ ᠭᠣᠶᠣᠮᠰᠤᠭ᠎ᠲᠤ ᠲᠠᠲᠠᠭᠳᠠᠨ
ᠭᠡᠶᠦᠷᠡᠨ ᠵᠣᠭᠰᠣᠭ᠎ᠠ ᠨᠠᠮᠠᠶ᠋ᠢ ᠥᠭᠡᠷ᠎ᠡ ᠬᠡᠨ ᠣᠢ᠌ᠯᠠᠭ᠋ᠠᠬᠤ ᠪᠤᠢ
ᠦᠷ᠎ᠡ᠎ᠪᠠᠨ ᠳᠠᠭ᠋ᠠᠭᠤᠯᠤᠭᠰᠠᠨ ᠲᠣᠭᠣᠷᠤᠤ ᠵᠢᠨ ᠬᠥᠩᠭᠡᠬᠡᠨ ᠠᠯᠬᠤᠭ᠎ᠠ
ᠡᠪᠡᠰᠦ ᠨᠠᠪᠴᠢᠰ᠎ᠢ ᠰᠠᠨᠠᠭ᠎ᠠ ᠠᠯᠳᠠᠭᠤᠯᠤᠮᠠᠷ ᠠᠢ᠌ᠵᠠᠮ᠎ᠲᠠᠢ ᠬᠠᠷᠠᠭᠳᠠᠨ᠎ᠠ
ᠪᠦᠯᠢᠶᠡᠬᠡᠨ ᠬᠤᠷ᠎ᠠ ᠵᠢᠨ ᠳᠤᠰᠤᠯ ᠬᠠᠴᠠᠷ ᠨᠣᠷᠭ᠋ᠠᠭ᠋ᠠᠬᠤ᠎ᠪᠠᠷ ᠯᠠ
ᠪᠠᠢ᠌ᠭ᠋ᠠᠯᠢ ᠵᠢᠨ ᠭᠠᠢ᠌ᠬᠠᠮᠰᠢᠭ ᠭᠡᠳᠡᠭ ᠶᠠᠮᠠᠷᠬᠠᠨ ᠰᠠᠢ᠌ᠬᠠᠨ᠎ᠢ ᠮᠡᠳᠡᠷᠡᠨ᠎ᠡ
ᠡᠭᠡᠭᠡ ᠠᠳᠠᠯᠢᠪᠲᠤᠷ ᠢᠷᠡᠵᠦ ᠪᠤᠴᠠᠳᠠᠭ ᠣᠨ ᠵᠢᠯ᠎ᠨᠦᠭᠦᠳ ᠯᠠ
ᠡᠷᠭᠢᠴᠡᠭᠦᠯᠦᠯ᠎ᠤᠨ ᠰᠢᠵᠢᠮ᠎ᠢ ᠭᠦᠨᠳᠡᠨ ᠪᠤᠳᠤᠯ᠎ᠢ ᠭᠡᠭᠡᠯᠵᠡᠭᠦᠯᠭᠦ᠎ᠠᠴᠠ
ᠠᠯᠲᠠᠨ ᠬᠠᠷᠢᠶᠠᠴᠠᠢ ᠳᠡᠷᠭᠡᠳᠡᠭᠦᠷ ᠪᠠᠶᠠᠷᠯᠠᠯᠳᠤᠨ ᠰᠦᠯᠵᠢᠯᠳᠦᠭᠰᠡᠭᠡᠷ
ᠤᠢ ᠰᠠᠨᠠᠮᠵᠢ ᠶᠤᠮᠰᠢᠭ ᠰᠣᠯᠣᠩᠭ᠋ᠠᠨ ᠶᠢᠷᠲᠢᠨᠴᠦ᠎ᠳᠤ ᠲᠥᠭᠡᠷᠢᠭᠦᠯᠦᠨ᠎ᠡ᠃


ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ