ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠬᠠᠪᠤᠷ

ᠨᠡᠶ᠋ᠢᠲᠡᠯᠡᠭᠰᠡᠨ ᠴᠠᠭ᠄   2024-07-30


                 ᠵᠣᠬᠢᠶᠠᠭᠴᠢ᠄ ᠮᠦᠯᠳᠦᠳᠦ ᠰᠠᠢ᠌ᠬᠠᠨᠴᠢᠮᠡᠭ


ᠬᠠᠪᠤᠷ ᠶᠡᠷᠦ᠎ᠨᠢ ᠨᠠᠮ᠎ᠠ᠎ᠳᠤ ᠬᠠᠮᠤᠭ ᠰᠣᠷᠭᠣᠭ ᠮᠡᠳᠡᠷᠡᠮᠵᠢ ᠵᠢ ᠪᠡᠯᠡᠭᠯᠡᠳᠡᠭ
ᠤᠷᠢᠨ ᠳᠤᠯᠠᠭ᠋ᠠᠨ᠎ᠨᠢ ᠠᠩᠬᠠᠨ᠎ᠤ ᠦᠨᠦᠰᠦᠯᠲᠡ ᠭᠡᠮᠡᠷ
ᠤᠶᠠᠬᠠᠨ ᠰᠠᠯᠬᠢᠨ᠎ᠨᠢ ᠤᠷᠢ ᠵᠠᠯᠠᠭᠤ ᠵᠢᠨ ᠢᠨᠠᠭ ᠳᠤᠷᠠᠯᠠᠯ ᠮᠡᠲᠦ
ᠤᠰᠤᠨ ᠨᠢᠳᠦᠯᠡᠭᠰᠡᠨ ᠡᠭᠦᠯᠡ᠎ᠨᠢ ᠭᠦᠷᠳᠡᠯ᠎ᠡ ᠮᠥᠷᠥᠭᠡᠳᠦᠯ᠎ᠤᠨ ᠠᠶ᠎ᠠ᠎ᠪᠠᠷ ᠬᠦᠰᠡᠯ᠎ᠢ ᠴᠣᠭᠰᠢᠭᠤᠯᠵᠤ
ᠤᠳᠠᠭ᠋ᠠᠨ ᠢᠴᠡᠭᠡᠯᠡᠭᠰᠡᠨ ᠬᠠᠢ᠌ᠷ᠎ᠠ ᠵᠢᠨ ᠲᠦᠯᠦ ᠵᠢ ᠨᠢᠭᠡᠮᠦᠰᠦᠨ ᠠᠰᠠᠭ᠋ᠠᠵᠤ ᠳᠦᠷᠡᠯᠵᠡᠭᠦᠯᠦᠮᠡᠷ
ᠨᠦᠮᠵᠦᠭ ᠬᠥᠷᠥᠰᠥᠨ᠎ᠤ ᠵᠥᠭᠡᠯᠡᠨ ᠠᠮᠢᠰᠬᠤᠭ᠎ᠠ᠎ᠠᠴᠠ ᠠᠮᠢ ᠠᠮᠢᠵᠢᠷᠠᠯ ᠤᠶᠠᠩᠭ᠋ᠠᠷᠠᠨ ᠡᠭᠡᠰᠢᠭᠯᠡᠭᠳᠡᠵᠦ
ᠨᠠᠰᠤ ᠵᠢᠯ ᠲᠠᠭᠢᠨ ᠨᠣᠭᠣᠭ᠋ᠠᠷᠠᠬᠤ᠎ᠳᠤ ᠤᠷᠮ᠎ᠠ ᠰᠡᠳᠬᠢᠯᠭᠡ ᠮᠢᠨᠢ
ᠴᠡᠩᠬᠡᠷ ᠵᠡᠷᠭᠡᠯᠭᠡᠨ ᠮᠡᠲᠦ ᠳᠤᠷ᠎ᠠ ᠮᠠᠳᠠᠨ ᠳᠣᠯᠭᠢᠶᠠᠯᠠᠨ᠎ᠠ

ᠬᠠᠪᠤᠷ
ᠲᠤᠩᠭ᠋ᠠᠯᠠᠭ ᠥᠷᠯᠥᠭᠡ ᠵᠢᠨ ᠬᠥᠬᠥᠭᠡ ᠵᠢᠨ ᠲᠠᠭᠤᠨ
ᠲᠡᠷᠡ ᠴᠢᠭ᠎ᠲᠡᠭᠡᠨ ᠲᠥᠯ ᠬᠤᠷᠠᠭ᠎ᠠ ᠵᠢᠨ ᠮᠠᠢ᠌ᠯᠠᠯᠳᠤᠭ᠋ᠠᠨ
ᠭᠣᠣᠯᠲᠤ ᠪᠣᠷᠣ ᠴᠡᠴᠡᠭᠯᠡᠬᠦ ᠠᠩᠬᠢᠯᠤᠮ᠎ᠠ ᠦᠨᠦᠷ
ᠭᠡᠨᠡᠨ ᠭᠡᠨᠡᠨ ᠪᠤᠳᠤᠯ ᠤᠷᠭᠤᠬᠤ ᠴᠠᠭ᠋ᠠᠨ ᠡᠭᠦᠯᠡᠨ᠎ᠤ ᠰᠢᠯᠦᠭ

ᠬᠠᠪᠤᠷ
ᠬᠦᠷᠴᠦ ᠢᠷᠡᠭᠰᠡᠨ ᠰᠢᠨ᠎ᠡ ᠪᠦᠭᠦᠨ᠎ᠢ ᠬᠠᠪᠤᠷ ᠭᠡᠨᠡᠮ
ᠰᠢᠨ᠎ᠡ ᠬᠠᠪᠤᠷ ᠵᠶ᠋ᠠᠷ ᠴᠢᠮ᠎ᠠ ᠵᠢ ᠤᠩᠰᠢᠵᠤ ᠴᠢᠮ᠎ᠠ ᠵᠢ ᠪᠢᠴᠢᠬᠦ ᠰᠠᠢ᠌ᠬᠠᠨ
ᠴᠡᠴᠡᠭ ᠳᠡᠯᠭᠡᠷᠡᠬᠦ ᠦᠶ᠎ᠡ ᠴᠢ ᠮᠢᠨᠢ ᠭᠦᠷᠦᠭᠡᠳ ᠢᠷᠡᠬᠦ᠎ᠨᠢ ᠨᠡᠩ ᠰᠠᠢ᠌ᠬᠠᠨ
ᠴᠢᠨᠦ ᠲᠥᠷᠬᠦ ᠴᠢᠨᠦ ᠰᠠᠨᠠᠭ᠎ᠠ ᠴᠠᠭ᠋ᠠᠨ᠎ᠠ᠎ᠪᠠᠨ ᠭᠡᠷᠡᠯ᠎ᠲᠠᠢ
ᠴᠢᠮ᠎ᠠ ᠵᠢ ᠬᠠᠢ᠌ᠷᠠᠯᠠᠬᠤ ᠬᠠᠪᠤᠷ
ᠴᠢᠮᠠᠯᠠᠵᠤ ᠪᠠᠢ᠌ᠲᠠᠯ᠎ᠠ ᠴᠠᠯ ᠨᠣᠭᠣᠭ᠋ᠠᠨ ᠵᠤᠨ᠎ᠤ ᠡᠷᠢᠯ᠎ᠲᠠᠢ ᠵᠣᠯᠭ᠋ᠠᠭᠤᠯᠴᠢᠬᠠᠬᠤ᠎ᠨᠢ ᠁


ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ