ᠪᠣᠷᠣᠭ᠋ᠠᠨ᠎ᠤ ᠥᠩᠭᠡ
ᠨᠡᠶ᠋ᠢᠲᠡᠯᠡᠭᠰᠡᠨ ᠴᠠᠭ᠄ 2024-07-30
ᠵᠣᠬᠢᠶᠠᠭᠴᠢ᠄ ᠡᠷᠬᠢᠮᠲᠣᠭᠲᠠᠬᠤ
ᠪᠣᠷᠣᠭ᠋ᠠᠨ —
ᠪᠤᠲᠠᠷᠠᠵᠦ ᠪᠤᠢ ᠣᠰᠣᠨ ᠴᠡᠴᠡᠭᠡᠰ
ᠪᠣᠷᠣᠭ᠋ᠠᠨ —
ᠪᠤᠲᠠᠯᠠᠵᠦ ᠪᠤᠢ ᠡᠪᠡᠰᠦᠨ᠎ᠤ ᠠᠮᠢᠰᠬᠣᠭᠠ
ᠪᠣᠷᠣᠭ᠋ᠠᠨ —
ᠪᠤᠳᠠᠷ ᠪᠤᠳᠠᠷ ᠴᠢᠯᠠᠭᠤᠳ᠎ᠤᠨ ᠬᠦᠯᠢᠶᠡᠯᠲᠡ
ᠪᠣᠷᠣᠭ᠋ᠠᠨ —
ᠪᠣᠳᠢ ᠴᠠᠭ᠋ᠠᠨ ᠪᠤᠲᠣᠯ᠎ᠤᠨ ᠨᠢᠯᠪᠤᠰᠤ
ᠲᠠᠩᠭᠢᠰ᠎ᠤᠨ᠎ᠬᠢ ᠪᠣᠯᠬᠣᠷ ᠪᠣᠷᠣᠭ᠋ᠠᠨ
ᠲᠡᠷᠡ ᠴᠢᠭ ᠵᠢᠡᠷ ᠵᠢᠡᠨ ᠴᠡᠩᠬᠡᠷ ᠥᠩᠭᠡ᠎ᠲᠠᠢ
ᠲᠠᠯ᠎ᠠ ᠵᠢᠨ ᠡᠪᠡᠰᠦᠨ᠎ᠳᠤ ᠵᠤᠰᠠᠳᠠᠭ ᠪᠣᠯᠬᠣᠷ
ᠲᠤᠩᠭ᠋ᠠᠯᠠᠭ ᠮᠡᠯᠮᠡᠢ᠎ᠨᠢ ᠨᠣᠭᠣᠭ᠋ᠠᠨ ᠥᠩᠭᠡ᠎ᠲᠠᠢ
ᠡᠭᠦᠯᠡᠨ ᠱᠠᠩᠬᠤ᠎ᠠᠴᠠ ᠪᠤᠲᠠᠷᠠᠲᠠᠬ ᠪᠣᠯᠬᠣᠷ
ᠡᠷᠬᠢᠮᠰᠦᠭ ᠪᠤᠲᠣᠬᠨᠢ ᠬᠥᠬᠡ ᠥᠩᠭᠡ᠎ᠲᠠᠢ
ᠡᠩᠭᠡᠷ᠎ᠤᠨ ᠴᠢᠯᠠᠭᠤᠨ᠎ᠳᠤ ᠰᠢᠩᠭᠡᠳᠡᠭ ᠪᠣᠯᠬᠣᠷ
ᠡᠯᠪᠡᠭ ᠭᠡᠷᠡᠯ᠎ᠨᠢ ᠴᠡᠭᠡᠨ ᠥᠩᠭᠡ᠎ᠲᠠᠢ
ᠠᠯᠠᠭ᠋ᠠᠨ ᠬᠣᠩᠬᠣᠷ᠎ᠲᠤ ᠡᠷᠬᠡᠯᠡᠳᠡᠭ ᠪᠣᠯᠬᠣᠷ
ᠠᠰᠢᠭᠦᠢ ᠪᠠᠰᠠ ᠮᠢᠨᠤ ᠥᠩᠭᠡ᠎ᠲᠠᠢ
ᠠᠮᠠᠷᠠᠭ᠎ᠤᠨ ᠰᠢᠬᠦᠷ᠎ᠲᠤ ᠲᠣᠰᠲᠠᠬ ᠪᠣᠯᠬᠣᠷ
ᠠᠷᠢᠭᠤᠨ ᠬᠠᠢ᠌ᠷ᠎ᠠ ᠵᠢᠨ ᠵᠢᠷᠦᠬᠡᠨ ᠥᠩᠭᠡ᠎ᠲᠠᠢ
ᠨᠣᠮᠣᠨ ᠰᠣᠯᠣᠩᠭ᠎ᠠ ᠲᠠᠲᠠᠳᠠᠭ ᠪᠣᠯᠬᠣᠷ
ᠨᠠᠷᠠᠨ ᠴᠢᠯᠠᠭᠤᠨ᠎ᠤ ᠬᠠᠴᠢᠨ ᠥᠩᠭᠡ᠎ᠲᠠᠢ
ᠨᠠᠮᠤᠷ᠎ᠤᠨ ᠬᠢᠷᠠᠭᠤ᠎ᠳᠤ ᠵᠤᠯᠭ᠋ᠠᠷᠠᠳᠠᠭ ᠪᠣᠯᠬᠣᠷ
ᠨᠠᠪᠴᠢ ᠴᠡᠴᠡᠭ᠎ᠤᠨ ᠰᠢᠷᠭ᠋ᠠᠯ ᠥᠩᠭᠡ᠎ᠲᠠᠢ
ᠡᠷᠭᠢ ᠵᠢᠨ ᠣᠰᠣᠨ᠎ᠳᠤ ᠳᠠᠭᠤᠯᠠᠳᠠᠭ ᠪᠣᠯᠬᠣᠷ
ᠡᠭᠡᠰᠢᠭ᠎ᠨᠢ ᠭᠦᠷᠲᠡᠯ᠎ᠡ ᠲᠣᠮᠣᠬᠤᠨ ᠥᠩᠭᠡ᠎ᠲᠠᠢ
ᠦᠷ ᠪᠦᠷᠦᠢ᠎ᠪᠠᠷ ᠠᠩᠬᠢᠯᠳᠠᠭ ᠪᠣᠯᠬᠣᠷ
ᠡᠵᠢ ᠬᠥᠮᠥᠨ᠎ᠤ ᠰᠦ ᠵᠢᠨ ᠥᠩᠭᠡ᠎ᠲᠠᠢ
ᠭᠦᠯᠦᠭ᠎ᠤᠨ ᠲᠡᠯᠳᠤ ᠭᠡᠷᠡᠯᠲᠦᠲᠡᠭᠤᠨ ᠤᠴᠢᠷ
ᠬᠡᠭᠡᠷ᠎ᠡ ᠲᠠᠯ᠎ᠠ ᠵᠢᠨ ᠰᠠᠯᠬᠢᠨ᠎ᠤ ᠥᠩᠭᠡ᠎ᠲᠠᠢ
ᠬᠥᠬᠡᠮᠳᠦᠭ ᠬᠠᠢ᠌ᠷᠬᠠᠨ᠎ᠳᠤ ᠤᠨᠢᠶᠠᠷᠲᠤᠬᠤ ᠵᠢᠨ ᠤᠴᠢᠷ
ᠬᠥᠪᠴᠢ ᠮᠣᠳᠣᠨ᠎ᠤ ᠭᠦᠨ ᠥᠩᠭᠡ᠎ᠲᠠᠢ
ᠨᠠᠭ᠋ᠠᠳᠤᠮ᠎ᠤᠨ ᠲᠣᠭᠣᠰᠣ ᠳᠠᠯᠠᠯᠳᠠᠭ᠎ᠤᠨ ᠤᠴᠢᠷ
ᠨᠤᠲᠤᠭ ᠲᠦᠮᠡᠨ᠎ᠤ ᠰᠦᠯᠳᠡ ᠵᠢᠨ ᠥᠩᠭᠡ᠎ᠲᠠᠢ
ᠨᠠᠯᠠᠭ᠋ᠠᠷ ᠣᠷᠴᠢᠯᠠᠩ ᠵᠢᠷᠤᠳᠠᠭ᠎ᠤᠨ ᠤᠴᠢᠷ
ᠨᠢᠭᠡᠯᠡ ᠥᠪᠡᠷ ᠵᠢᠡᠨ ᠤᠯᠠᠷᠢᠯ᠎ᠤᠨ ᠥᠩᠭᠡ᠎ᠲᠠᠢ
ᠰᠦᠷᠦᠭ᠎ᠤᠨ ᠪᠡᠯᠴᠢᠭᠡᠷ᠎ᠲᠤ ᠨᠠᠯᠠᠢ᠌ᠬᠤ ᠵᠢᠨ ᠤᠴᠢᠷ
ᠰᠡᠳᠬᠢᠯ᠎ᠤᠨ ᠬᠢᠵᠠᠭ᠋ᠠᠷᠲᠤ ᠡᠩᠬᠡ ᠵᠢᠨ ᠥᠩᠭᠡ᠎ᠲᠠᠢ
ᠰᠢᠪᠠᠭᠤᠳ᠎ᠤᠨ ᠳᠠᠯᠠᠪᠴᠢᠨ᠎ᠳᠤ ᠢᠰᠬᠡᠷᠬᠦ ᠵᠢᠨ ᠤᠴᠢᠷ
ᠰᠠᠨᠰᠠᠷ᠎ᠤᠨ ᠲᠠᠩᠨᠠᠢ᠎ᠳᠤ ᠮᠥᠩᠬᠡ ᠵᠢᠨ ᠥᠩᠭᠡ᠎ᠲᠠᠢ
ᠵᠥᠭᠡᠯᠡᠨ ᠵᠥᠭᠡᠯᠡᠨ ᠠᠰᠬᠠᠷᠠᠬᠤ ᠵᠢᠨ ᠤᠴᠢᠷ
ᠵᠢᠷᠦᠬᠡᠨ ᠲᠠᠯ᠎ᠠ᠎ᠳᠤ ᠪᠤᠲᠣᠯ᠎ᠤᠨ ᠥᠩᠭᠡ᠎ᠲᠠᠢ
ᠵᠠᠭᠤᠨ ᠮᠢᠩᠭ᠋ᠠᠨ᠎ᠳᠤ ᠦᠷᠭᠦᠯᠵᠢᠯᠡᠬᠦ ᠵᠢᠨ ᠤᠴᠢᠷ
ᠵᠥᠪ᠎ᠤᠨ ᠵᠦᠭ᠎ᠲᠤ ᠦᠨᠡᠨ᠎ᠤ ᠥᠩᠭᠡ᠎ᠲᠠᠢ
ᠪᠣᠷᠣᠭ᠋ᠠᠨ —
ᠣᠷᠭᠣᠵᠦ ᠪᠤᠢ ᠡᠭᠦᠯᠡᠰ᠎ᠤᠨ ᠭᠡᠯᠡ
ᠪᠣᠷᠣᠭ᠋ᠠᠨ —
ᠤᠷᠤᠰᠴᠤ ᠪᠤᠢ ᠭᠣᠣᠯ᠎ᠤᠨ ᠬᠥᠯ
ᠪᠣᠷᠣᠭ᠋ᠠᠨ—
ᠤᠯᠠᠯᠵᠠᠵᠤ ᠪᠤᠢ ᠵᠤᠯᠠ ᠵᠢᠨ ᠮᠢᠨᠢ ᠬᠤᠷᠤᠢ
ᠪᠣᠷᠣᠭ᠋ᠠᠨ —
ᠤᠩᠰᠢᠵᠤ ᠪᠤᠢ ᠰᠤᠳᠤᠷ᠎ᠤᠨ ᠮᠢᠨᠢ ᠤᠷᠠᠢ
ᠢᠷᠡᠯᠲᠡ᠄