ᠬᠠᠶ᠋ᠢᠷ᠎ᠠ᠎ᠪᠠᠷ ᠳᠡᠯᠭᠡᠷᠡᠭᠰᠡᠨ 《ᠰᠠᠷᠠᠨ᠎ᠠ》 ᠮᠢᠨᠢ
ᠨᠡᠶ᠋ᠢᠲᠡᠯᠡᠭᠰᠡᠨ ᠴᠠᠭ᠄ 2024-07-25
ᠮᠤᠨᠠ ᠵᠢᠨ ᠰᠠᠷᠢᠳᠠᠭ ᠪᠠᠷᠠᠯᠠᠵᠤ ᠬᠠᠩᠭ᠋ᠠᠢ ᠵᠢᠨ ᠠᠭᠤᠵᠢᠮ᠎ᠳᠤ ᠦᠨᠳᠦᠰᠦᠯᠡᠭᠰᠡᠨ
ᠮᠣᠩᠭᠤᠯ ᠰᠣᠶᠣᠯ᠎ᠠᠴᠠ ᠣᠯᠪᠠᠭ᠋ᠠᠯᠠᠨ ᠬᠠᠲᠤᠨ᠎ᠤ ᠬᠥᠪᠡᠭᠡ᠎ᠠᠴᠠ ᠳᠡᠯᠭᠡᠷᠡᠭᠰᠡᠨ
ᠮᠣᠷᠢᠨ ᠲᠦᠪᠡᠷᠭᠡᠨ ᠴᠢᠩᠨᠠᠵᠤ ᠬᠠᠨᠢ ᠵᠢᠨ ᠪᠠᠷ᠎ᠠ ᠰᠠᠷᠠᠪᠴᠢᠯᠠᠭᠰᠠᠨ
ᠮᠥᠩᠬᠡ ᠲᠡᠭᠷᠢ᠎ᠠᠴᠠ ᠠᠳᠢᠰᠯᠠᠵᠤ ᠬᠠᠶ᠋ᠢᠷ᠎ᠠ ᠵᠢᠨ ᠡᠯᠴᠢᠨ ᠪᠣᠯᠣᠭᠰᠠᠨ
ᠳᠡᠪᠡᠯ᠎ᠤᠨ ᠳᠣᠲᠣᠭ᠋ᠠᠳᠤ ᠡᠪᠦᠷᠲᠡᠭᠡᠨ ᠨᠢᠮᠪᠠᠶ᠋ᠢᠯᠠᠵᠤ ᠰᠠᠶ᠋ᠢᠬᠠᠨ ᠡᠪᠦᠷᠯᠡᠵᠦ
ᠲᠠᠰᠬᠢᠮ᠎ᠠ ᠵᠤᠳ ᠰᠢᠭᠤᠷᠭ᠎ᠠ᠎ᠳᠤ ᠴᠤ᠌ ᠦᠷ᠎ᠡ᠎ᠪᠠᠨ ᠰᠢᠭ ᠪᠥᠭᠡᠴᠡᠶ᠋ᠢᠯᠡᠵᠦ
ᠲᠡᠷᠭᠡᠯ ᠴᠠᠭ᠋ᠠᠨ ᠥᠷᠭᠦᠭᠡ᠎ᠳᠡᠭᠡᠨ ᠬᠠᠳᠠᠭ ᠵᠶ᠋ᠠᠷ ᠳᠡᠭᠡᠳᠦᠯᠡᠵᠦ
ᠳᠡᠯᠡᠬᠡᠢ ᠬᠠᠷᠠᠭᠰᠠᠨ ᠳᠡᠯᠪᠡᠭᠡ᠎ᠨᠢ ᠲᠦᠮᠡᠨ᠎ᠤ ᠰᠡᠳᠬᠢᠯ᠎ᠳᠤ ᠮᠦᠰᠢᠶᠡᠵᠦ
ᠥᠩᠭᠡ ᠥᠩᠭᠡ ᠵᠢᠨ ᠡᠷᠪᠡᠬᠡᠢ ᠦᠨᠦᠰᠦᠨ ᠲᠠᠭ᠋ᠠᠯᠠᠨ ᠬᠤᠷᠭᠤᠳᠠᠭᠰᠠᠨ
ᠦᠶ᠎ᠡ ᠦᠶ᠎ᠡ ᠵᠢᠨ ᠬᠥᠮᠦᠰ ᠥᠮᠴᠢᠷᠬᠡᠨ ᠳᠣᠳᠣᠮᠳᠠᠨ ᠥᠰᠬᠡᠭᠰᠡᠨ
ᠥᠨᠢᠷ ᠲᠠᠩᠰᠤᠭ ᠨᠤᠲᠤᠭ᠎ᠤᠨ ᠥᠷᠭᠡᠨ ᠲᠠᠯ᠎ᠠ᠎ᠪᠠᠷ ᠳᠡᠯᠭᠡᠷᠡᠭᠰᠡᠨ
ᠦᠵᠡᠰᠬᠦᠯᠡᠩ ᠴᠡᠴᠡᠭᠡᠰ᠎ᠤᠨ ᠬᠠᠮᠲᠤ ᠥᠪᠡᠷᠮᠢᠴᠡ ᠭᠠᠩᠭ᠋ᠠᠩ ᠵᠶ᠋ᠠᠨ ᠭᠠᠶ᠋ᠢᠬᠠᠭᠤᠯᠤᠭᠰᠠᠨ
ᠥᠨᠳᠥᠷ ᠲᠡᠭᠷᠢ ᠭᠠᠩᠳᠠᠵᠤ ᠡᠪᠡᠰᠦᠲᠦ ᠲᠠᠯ᠎ᠠ ᠬᠤᠪᠠᠭ᠍ᠠᠶ᠋ᠢᠷᠠᠭᠰᠠᠨ ᠴᠤ᠌
ᠦᠷᠡᠯᠡᠨ ᠳᠡᠯᠭᠡᠷᠡᠬᠦ ᠤᠯᠠᠷᠢᠯ ᠵᠶ᠋ᠠᠨ ᠥᠴᠦᠬᠡᠨ ᠴᠤ᠌ ᠴᠠᠯᠠᠭ᠋ᠠᠶ᠋ᠢᠷᠠᠵᠤ ᠰᠠᠭ᠋ᠠᠲᠠᠯ ᠦᠭᠡᠢ
ᠦᠢ ᠲᠦᠮᠡᠨ᠎ᠤ ᠪᠦᠪᠡᠢ᠎ᠳᠤ ᠦᠨᠳᠦᠰᠦ ᠭᠦᠨ ᠠᠮᠢᠯᠠᠭᠰᠠᠨ ᠵᠶ᠋ᠠᠷ ᠵᠶ᠋ᠠᠨ
ᠦᠷᠡᠭᠳᠡᠯ ᠭᠠᠴᠢᠭᠳᠠᠯ᠎ᠤᠨ ᠡᠮᠦᠨ᠎ᠡ ᠥᠩᠭᠡ᠎ᠪᠠᠨ ᠠᠯᠳᠠᠬᠤ ᠤᠴᠢᠷ ᠦᠭᠡᠢ
ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠤᠨᠢᠨ