ᠡᠷ᠎ᠡ ᠬᠥᠮᠦᠨ ᠬᠡᠮᠡᠬᠦ ᠡᠨᠡ ᠪᠡᠶ᠎ᠡ ᠵᠢᠨ ᠤᠩᠰᠢᠭᠤ
ᠨᠡᠶ᠋ᠢᠲᠡᠯᠡᠭᠰᠡᠨ ᠴᠠᠭ᠄ 2024-07-25
ᠭᠡᠷᠡᠯ ᠵᠦᠰᠦᠨ ᠡᠵᠢ᠎ᠠᠴᠠ ᠲᠥᠷᠥᠬᠦ᠎ᠳᠤ
ᠭᠡᠭᠡᠨ ᠬᠤᠷᠸ᠎ᠠ ᠵᠢᠨ ᠥᠭᠡᠳᠡᠰᠦ ᠠᠮᠢ ᠪᠡᠶ᠎ᠡ᠎ᠲᠠᠢ
ᠠᠭ᠋ᠠᠷ ᠦᠨᠦᠰᠦᠨ ᠠᠪᠤ᠎ᠪᠠᠷ ᠵᠶ᠋ᠠᠨ ᠲᠡᠪᠡᠷᠢᠭᠦᠯᠬᠦ᠎ᠳᠤ
ᠠᠯᠠᠭ᠋ᠠᠨ᠎ᠳᠤᠨᠢ ᠲᠣᠷᠮᠣᠶ᠋ᠢᠭᠰᠠᠨ ᠪᠡᠯᠴᠢᠷ ᠪᠡᠶ᠎ᠡ ᠮᠢᠨᠢ
ᠠᠯᠬᠤᠵᠤ ᠡᠷ᠎ᠡ ᠵᠢᠨ ᠴᠢᠨᠡᠭᠡ ᠬᠦᠷᠬᠦ᠎ᠳᠤ
ᠠᠮᠢᠳᠤᠷᠠᠯ᠎ᠤᠨ ᠬᠠᠲᠠᠭᠤ᠎ᠳᠤ ᠣᠶ᠋ᠢᠷᠠᠲᠤᠭᠰᠠᠨ ᠠᠶᠠᠨ ᠮᠢᠨᠢ
ᠣᠯᠠᠨ ᠵᠢᠯ᠎ᠤᠨ ᠤᠷᠲᠤᠬᠠᠨ ᠴᠤᠪᠤᠭ᠎ᠠ ᠵᠢ
ᠴᠤᠯᠪᠤᠭᠤᠷ ᠰᠢᠭ᠋ ᠡᠪᠬᠡᠵᠦ ᠰᠤᠷ ᠰᠢᠭ᠋ ᠡᠯᠡᠭᠡᠵᠦ ᠦᠳᠡᠯ᠎ᠡ
ᠣᠯᠳᠠᠬᠤ ᠪᠦᠬᠦᠨ ᠤᠬᠠᠭ᠋ᠠᠨ᠎ᠤ ᠴᠠᠬᠢᠭᠤᠷᠢ
ᠴᠦᠳᠡᠩ ᠰᠢᠭ ᠵᠢᠷᠤᠵᠤ᠂ ᠵᠤᠯᠠ ᠰᠢᠭ᠋ ᠠᠰᠠᠭ᠋ᠠᠵᠤ ᠴᠤ᠌ ᠶᠠᠪᠤᠯ᠎ᠠ
ᠭᠡᠬᠦ᠎ᠳᠤ᠂ ᠶᠠᠪᠤᠵᠤ ᠢᠷᠡᠬᠦ ᠠᠶᠠᠨ᠎ᠤ ᠰᠢᠯᠭ᠋ᠠᠭᠤᠷ ᠮᠥᠷ᠎ᠲᠤ
ᠴᠢᠯᠠᠭᠤ ᠬᠠᠶᠠ ᠰᠢᠳᠡᠬᠦ ᠵᠠᠪᠬᠠᠢ ᠪᠤᠢ ᠵᠢ ᠬᠠᠷᠠᠭᠰᠠᠨ ᠳ᠋ᠠ
ᠭᠡᠭᠡ ᠪᠣᠯᠭ᠋ᠠᠨ ᠳᠠᠩᠳᠠ᠎ᠪᠠᠨ ᠰᠠᠶ᠋ᠢᠬᠠᠨ ᠲᠤᠰᠳᠠᠭ ᠦᠭᠡᠢ ᠵᠢ
ᠴᠠᠭ᠋ᠠᠳᠤᠬᠢ ᠨᠡᠲᠦᠪᠡᠯᠵᠡᠭᠡ ᠪᠦᠷᠦᠭ ᠪᠣᠯᠭ᠋ᠠᠨ᠎ᠠᠴᠠ ᠲᠠᠨᠢᠭᠰᠠᠨ ᠳ᠋ᠠ
ᠬᠥᠮᠦᠨ᠎ᠤ ᠠᠮᠢᠳᠤᠷᠠᠯ᠎ᠤᠨ ᠳᠠᠪᠠᠭ᠎ᠠ ᠣᠯᠠᠨ ᠭᠡᠳᠡᠭ ᠬᠤᠶ᠋ᠢᠨ᠎ᠠ
ᠶᠠᠭᠤ ᠡᠰᠡ ᠬᠠᠷᠭᠤᠬᠤ ᠦᠭᠡᠢ ᠪᠤᠢ᠂ ᠥᠯᠥ ᠴᠤᠴᠠᠵᠤ ᠣᠶ᠋ᠢᠰᠢᠶᠠᠨᠠᠮ
《ᠲᠡᠭᠷᠢ ᠰᠢᠭ ᠯᠡ ᠪᠠᠢ ᠁》 ᠤᠷᠮ᠎ᠠ ᠵᠢᠨ ᠰᠠᠴᠤᠯᠢ
ᠤᠷᠤᠰᠬᠤ ᠴᠢᠰᠤᠨ᠎ᠳᠤ ᠮᠢᠨᠢ ᠡᠭᠦᠷ᠎ᠢ ᠳᠦᠷᠡᠯᠵᠡᠨ ᠴᠣᠬᠢᠯᠤᠭᠠ ᠪᠣᠯᠬᠤᠷ
ᠲᠠᠮᠢᠷᠯᠢᠭ ᠲᠡᠪᠴᠢᠶᠡᠷᠢ᠂ ᠤᠳᠤᠮᠰᠢᠯ᠎ᠤᠨ ᠶᠣᠰᠣ ᠭᠤᠷᠢᠮ ᠮ᠊
᠊ᠠᠷᠲᠠᠬᠤ ᠵᠢᠨ ᠵᠢᠮ᠎ᠡ ᠦᠭᠡᠢ ᠶᠠᠰᠤᠨ᠎ᠳᠤ ᠮᠢᠨᠢ ᠰᠢᠩᠭᠡᠭᠡ ᠤᠴᠢᠷ
ᠭᠤᠨᠢᠭ ᠰᠡᠭᠦᠷᠡᠰᠦ ᠪᠦᠬᠦᠨ᠎ᠢ ᠢᠴᠢᠭᠦᠷᠢ᠎ᠳᠤ ᠠᠷᠴᠢᠨ
ᠨᠢᠯᠪᠤᠰᠤ᠎ᠪᠠᠷ ᠲᠠᠶ᠋ᠢᠯᠬᠤ ᠰᠢᠯᠲᠠᠭ ᠥᠨᠥ ᠨᠠᠳᠠ᠎ᠳᠤ ᠠᠯᠠᠭ᠎ᠠ
ᠡᠶ᠋ᠢᠨᠬᠦ᠂ ᠡᠭᠡᠯ ᠪᠣᠯᠪᠠᠴᠤ ᠡᠨᠡ ᠪᠡᠶ᠎ᠡ᠎ᠪᠠᠷ ᠵᠶ᠋ᠠᠨ ᠪᠢ
ᠡᠷᠡᠯᠬᠡᠭ ᠪᠦᠷᠭᠦᠳ ᠮᠡᠲᠦ ᠭᠡᠳᠡᠶ᠋ᠢᠵᠦ ᠢᠷᠡᠭᠰᠡᠨ ᠮᠠᠨᠢ ᠤᠴᠢᠷ᠎ᠲᠠᠢ
ᠡᠷᠭᠢᠵᠦ ᠭᠠᠭᠴᠠᠬᠠᠨ ᠲᠥᠷᠥᠯ᠎ᠳᠡᠭᠡᠨ ᠣᠯᠳᠠᠰᠢ ᠦᠭᠡᠢ
ᠡᠨᠡ ᠨᠠᠰᠤᠨ᠎ᠤ᠎ᠪᠠᠨ ᠪᠣᠰᠤᠭ᠎ᠠ 《ᠢᠲᠡᠭᠡᠯ》 ᠥᠭᠡᠳᠡ ᠪᠢ
ᠡᠷ᠎ᠡ ᠬᠥᠮᠦᠨ ᠬᠡᠮᠡᠬᠦ ᠡᠭᠦᠷ᠎ᠢ ᠲᠠᠩᠭ᠋ᠠᠷᠢᠭ᠎ᠤᠨ ᠤᠩᠰᠢᠭᠤ
ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠤᠨᠢᠨ