ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠨᠠᠷᠠᠨ ᠤᠷᠭᠤᠬᠤ ᠵᠦᠭ᠎ᠲᠤ

ᠨᠡᠶ᠋ᠢᠲᠡᠯᠡᠭᠰᠡᠨ ᠴᠠᠭ᠄   2024-07-25


      ᠨᠠᠷᠠᠨ ᠤᠷᠭᠤᠬᠤ ᠵᠦᠭ᠎ᠲᠤ ᠲᠥᠷᠬᠦᠮ ᠮᠢᠨᠢ ᠪᠠᠶ᠋ᠢᠳᠠᠭ
     ᠨᠠᠮ᠎ᠠ ᠵᠢ ᠰᠠᠨᠠᠵᠤ ᠥᠬᠦᠭᠡᠷᠳᠡᠳᠡᠭ ᠠᠪᠤ ᠮᠢᠨᠢ ᠪᠠᠶ᠋ᠢᠳᠠᠭ
     ᠪᠦᠳᠦᠷᠢᠬᠦ᠎ᠳᠤ ᠤᠬᠠᠭᠤᠯᠵᠤ ᠪᠣᠰᠬᠠᠳᠠᠭ ᠲᠠᠮᠢᠷ᠎ᠨᠢ ᠪᠠᠶ᠋ᠢᠳᠠᠭ
     ᠪᠤᠷᠤᠭᠤᠳᠠᠬᠤ᠎ᠳᠤ ᠠᠭᠤᠴᠢᠯᠠᠵᠤ ᠰᠤᠷᠭ᠋ᠠᠳᠠᠭ ᠦᠭᠡ᠎ᠨᠢ ᠪᠠᠶ᠋ᠢᠳᠠᠭ
     ᠲᠡᠷᠡ ᠯᠡ ᠴᠡᠭ᠎ᠲᠤ ᠵᠢᠷᠦᠬᠡ ᠮᠢᠨᠢ ᠠᠷᠭ᠋ᠠᠮᠵᠢᠶ᠎ᠠ᠎ᠲᠠᠢ
     ᠳᠠᠩᠳᠠ᠎ᠪᠠᠨ ᠬᠦᠷᠳᠡᠭ ᠵᠡᠭᠦᠳᠦᠨ ᠬᠥᠯ᠎ᠲᠠᠢ ᠡ


     ᠨᠠᠷᠠᠨ ᠤᠷᠭᠤᠬᠤ ᠵᠦᠭ᠎ᠲᠤ ᠲᠥᠷᠬᠦᠮ ᠮᠢᠨᠢ ᠪᠠᠶ᠋ᠢᠳᠠᠭ
     ᠨᠠᠮ᠎ᠠ ᠵᠢ ᠡᠩᠬᠦᠷᠡᠶ᠋ᠢᠯᠡᠵᠦ ᠦᠨᠦᠰᠳᠡᠭ ᠡᠵᠢ ᠮᠢᠨᠢ ᠪᠠᠶ᠋ᠢᠳᠠᠭ
     ᠡᠪᠦᠷ᠎ᠲᠤ᠎ᠨᠢ ᠵᠡᠭᠦᠷᠮᠡᠭᠯᠡᠨ ᠠᠮᠲᠠᠲᠤ ᠨᠣᠶ᠋ᠢᠷ ᠮᠢᠨᠢ ᠪᠠᠶ᠋ᠢᠳᠠᠭ
     ᠡᠩᠭᠡᠷ᠎ᠲᠤ᠎ᠨᠢ ᠡᠷᠬᠡᠯᠡᠳᠡᠭ ᠭᠡᠨᠡᠨ ᠠᠭ᠋ᠠᠰᠢ ᠮᠢᠨᠢ ᠪᠠᠶ᠋ᠢᠳᠠᠭ
     ᠲᠡᠷᠡ ᠯᠡ ᠴᠡᠭ᠎ᠲᠤ ᠵᠢᠷᠦᠬᠡ ᠮᠢᠨᠢ ᠠᠷᠭ᠋ᠠᠮᠵᠢᠶ᠎ᠠ᠎ᠲᠠᠢ
     ᠳᠠᠩᠳᠠ᠎ᠪᠠᠨ ᠬᠦᠷᠳᠡᠭ ᠵᠡᠭᠦᠳᠦᠨ ᠬᠥᠯ᠎ᠲᠠᠢ ᠡ


     ᠨᠠᠷᠠᠨ ᠤᠷᠭᠤᠬᠤ ᠵᠦᠭ᠎ᠲᠤ ᠲᠥᠷᠬᠦᠮ ᠮᠢᠨᠢ ᠪᠠᠶ᠋ᠢᠳᠠᠭ
     ᠨᠢᠯᠬ᠎ᠠ ᠳᠠᠭᠤᠨ᠎ᠢ ᠬᠠᠳᠠᠭᠰᠠᠨ ᠥᠷᠭᠦᠭᠡ ᠮᠢᠨᠢ ᠪᠠᠶ᠋ᠢᠳᠠᠭ
     ᠨᠠᠮ᠎ᠠ ᠵᠢ ᠰᠠᠨᠠᠵᠤ ᠬᠦᠯᠢᠶᠡᠳᠡᠭ ᠰᠠᠳᠤᠨ ᠮᠢᠨᠢ ᠪᠠᠶ᠋ᠢᠳᠠᠭ
     ᠨᠠᠭ᠋ᠠᠳᠴᠤ ᠴᠤᠤᠭᠢᠭᠤᠯᠤᠭᠰᠠᠨ ᠢᠨᠢᠶᠡᠳᠦ ᠨᠢᠯᠪᠤᠰᠤ ᠪᠠᠶ᠋ᠢᠳᠠᠭ ᠡ
     ᠲᠡᠷᠡ ᠯᠡ ᠴᠡᠭ᠎ᠲᠤ ᠵᠢᠷᠦᠬᠡ ᠮᠢᠨᠢ ᠠᠷᠭ᠋ᠠᠮᠵᠢᠶ᠎ᠠ᠎ᠲᠠᠢ
     ᠳᠠᠩᠳᠠ᠎ᠪᠠᠨ ᠬᠦᠷᠳᠡᠭ ᠵᠡᠭᠦᠳᠦᠨ ᠬᠥᠯ᠎ᠲᠠᠢ ᠡ


     ᠨᠠᠷᠠᠨ ᠤᠷᠭᠤᠬᠤ ᠵᠦᠭ᠎ᠲᠤ ᠲᠥᠷᠬᠦᠮ ᠮᠢᠨᠢ ᠪᠠᠶ᠋ᠢᠳᠠᠭ
     ᠨᠠᠶ᠋ᠢᠷᠲᠠᠢ ᠶᠠᠪᠤᠯᠴᠠᠳᠠᠭ ᠬᠥᠷᠰᠢ ᠰᠠᠭ᠋ᠠᠬᠠᠯᠲᠠ ᠮᠢᠨᠢ ᠪᠠᠶ᠋ᠢᠳᠠᠭ
     ᠢᠩ ᠬᠤᠳᠳᠤᠭ ᠳᠡᠭᠡᠷ᠎ᠡ ᠵᠣᠭᠤᠭ ᠮᠢᠨᠢ ᠪᠠᠶ᠋ᠢᠳᠠᠭ
     ᠢᠳᠡᠭᠡᠨ᠎ᠠᠴᠠ ᠥᠯ᠎ᠲᠠᠢ ᠪᠤᠭᠤᠷᠤᠯ᠎ᠤᠨ ᠰᠤᠷᠭ᠋ᠠᠯ ᠪᠠᠶ᠋ᠢᠳᠠᠭ ᠡ
     ᠲᠡᠷᠡ ᠯᠡ ᠴᠡᠭ᠎ᠲᠤ ᠵᠢᠷᠦᠬᠡ ᠮᠢᠨᠢ ᠠᠷᠭ᠋ᠠᠮᠵᠢᠶ᠎ᠠ᠎ᠲᠠᠢ
     ᠳᠠᠩᠳᠠ᠎ᠪᠠᠨ ᠬᠦᠷᠳᠡᠭ ᠵᠡᠭᠦᠳᠦᠨ ᠬᠥᠯ᠎ᠲᠠᠢ ᠡ


     ᠨᠠᠷᠠᠨ ᠤᠷᠭᠤᠬᠤ ᠵᠦᠭ᠎ᠲᠤ ᠲᠥᠷᠬᠦᠮ ᠮᠢᠨᠢ ᠪᠠᠶ᠋ᠢᠳᠠᠭ
     ᠨᠠᠨᠳᠢᠨ ᠬᠦᠰᠡᠯ᠎ᠳᠡᠭᠡᠨ ᠴᠢᠷᠮᠠᠶ᠋ᠢᠳᠠᠭ ᠨᠠᠶ᠋ᠢᠵᠠ ᠨᠠᠷ ᠪᠠᠶ᠋ᠢᠳᠠᠭ
     ᠰᠢᠰᠢᠨ ᠵᠠᠷᠮ᠎ᠠ᠎ᠪᠠᠨ ᠬᠤᠪᠢᠶᠠᠯᠴᠠᠳᠠᠭ ᠨᠥᠬᠦᠷᠯᠡᠯ ᠮᠢᠨᠢ ᠪᠠᠶ᠋ᠢᠳᠠᠭ
     ᠰᠠᠮ ᠵᠶ᠋ᠠᠷ ᠲᠣᠭᠤᠭᠰᠠᠨ ᠬᠦᠦ ᠵᠢᠨ ᠵᠠᠩ ᠴᠤ᠌ ᠪᠠᠶ᠋ᠢᠳᠠᠭ ᠡ
     ᠲᠡᠷᠡ ᠯᠡ ᠴᠡᠭ᠎ᠲᠤ ᠵᠢᠷᠦᠬᠡ ᠮᠢᠨᠢ ᠠᠷᠭ᠋ᠠᠮᠵᠢᠶ᠎ᠠ᠎ᠲᠠᠢ
     ᠳᠠᠩᠳᠠ᠎ᠪᠠᠨ ᠬᠦᠷᠳᠡᠭ ᠵᠡᠭᠦᠳᠦᠨ ᠬᠥᠯ᠎ᠲᠠᠢ ᠡ


    

ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠤᠨᠢᠨ