ᠨᠠᠮᠤᠭᠤᠬᠠᠨ ᠰᠥᠨᠢ ᠵᠢᠨ ᠪᠣᠳᠣᠯ
ᠨᠡᠶ᠋ᠢᠲᠡᠯᠡᠭᠰᠡᠨ ᠴᠠᠭ᠄ 2024-07-25
ᠬᠥᠳᠡᠭᠡ ᠨᠤᠲᠤᠭ᠎ᠤᠨ ᠰᠥᠨᠢ ᠨᠠᠪ ᠨᠠᠮᠤᠭᠤᠬᠠᠨ
ᠬᠥᠬᠡ ᠲᠡᠭᠷᠢ᠎ᠳᠤ ᠮᠥᠩᠭᠦᠨ ᠣᠳᠣᠳ ᠰᠢᠭᠢᠳᠬᠡᠵᠦ
ᠠᠶᠠᠰ᠎ᠤᠨ ᠰᠠᠯᠬᠢ ᠦᠶᠡᠯᠡᠨ ᠢᠯᠪᠢᠵᠦ
ᠠᠭᠢ ᠵᠢᠨ ᠦᠨᠦᠷ ᠰᠡᠩᠭᠢᠨᠡᠨ ᠠᠩᠬᠢᠯᠤᠨ᠎ᠠ
ᠴᠠᠳᠬᠤᠯᠠᠩ ᠮᠠᠯ ᠬᠤᠲᠠᠨ᠎ᠳᠤ ᠢᠷᠠᠭᠯᠠᠵᠤ
ᠴᠠᠶ᠋ᠢᠳᠠᠮ᠎ᠤᠨ ᠮᠡᠯᠡᠬᠡᠢ ᠬᠠᠶᠠ ᠭᠤᠸᠠᠭᠯᠠᠵᠤ
ᠬᠤᠯᠠ᠎ᠳᠤ ᠨᠣᠬᠠᠢ ᠬᠤᠴᠠᠬᠤ ᠳᠠᠭᠤᠨ ᠰᠣᠨᠣᠰᠳᠠᠵᠤ
ᠬᠤᠷᠸ᠎ᠠ᠎ᠳᠤ ᠢᠷᠠᠭᠤ ᠰᠣᠨᠣᠰᠬᠤᠯᠠᠩ ᠪᠦᠷᠢᠳᠦᠨ᠎ᠡ
ᠲᠠᠶ᠋ᠢᠪᠤᠩ ᠨᠠᠮᠤᠭᠤᠬᠠᠨ ᠬᠥᠳᠡᠭᠡ ᠵᠢᠨ ᠰᠥᠨᠢ
ᠲᠡᠭᠷᠢ ᠵᠢᠨ ᠣᠩᠭᠤᠳ ᠰᠡᠮᠬᠡᠨ ᠪᠠᠭᠤᠵᠤ
ᠲᠠᠷᠨᠢ ᠴᠠᠬᠢᠵᠤ ᠨᠠᠮ᠎ᠠ ᠵᠢ ᠰᠣᠴᠢᠭ᠋ᠠᠬᠤᠪᠠᠷ
ᠲᠠᠷᠢᠬᠢ ᠰᠡᠷᠭᠦᠨ ᠰᠢᠯᠦᠭ ᠪᠢᠴᠢᠭᠦᠯᠦᠨ᠎ᠡ
ᠲᠣᠭᠯᠠᠵᠤ ᠥᠰᠦᠭᠰᠡᠨ ᠪᠤᠲᠠ ᠪᠤᠷᠭ᠋ᠠᠰᠤ ᠮᠢᠨᠢ ᠬᠦᠷᠲᠡᠯ᠎ᠡ
ᠳᠣᠬᠢᠯᠵᠠᠵᠤ ᠨᠠᠮ᠎ᠠ ᠵᠢ ᠡᠨᠡᠷᠢᠵᠦ ᠦᠳᠡᠭᠰᠡᠨ ᠶᠤᠮ
ᠲᠤᠭ᠎ᠠ ᠦᠭᠡᠢ ᠶᠠᠪᠤᠬᠤ ᠲᠡᠷᠡ ᠵᠠᠮ ᠵᠶ᠋ᠠᠷ ᠢᠷᠡᠬᠦ ᠪᠦᠷᠢ
ᠲᠣᠭᠤᠨᠣ ᠵᠢᠨ ᠤᠲᠤᠭ᠎ᠠ ᠵᠢ ᠬᠠᠷᠠᠮᠠᠭᠴᠠ ᠡᠵᠢ᠎ᠪᠠᠨ ᠪᠣᠳᠣᠳᠠᠭ
ᠠᠯᠲᠠᠨ ᠰᠤᠷᠭ᠋ᠠᠯ᠎ᠲᠤ ᠠᠪᠤ ᠡᠵᠢ ᠮᠢᠨᠢ
ᠣᠷᠴᠢᠯᠠᠩ᠎ᠤᠨ ᠵᠢᠮ᠎ᠡ᠎ᠪᠠᠷ ᠥᠭᠡᠳᠡ ᠪᠣᠯᠤᠯ᠎ᠠ
ᠣᠷᠣᠰᠢᠭᠤᠯᠵᠤ ᠲᠠᠯᠪᠢᠭᠰᠠᠨ ᠬᠤᠣᠰ ᠬᠤᠶᠠᠷ ᠮᠢᠨᠢ
ᠠᠮᠢᠨ᠎ᠤ ᠨᠤᠲᠤᠭ᠎ᠲᠠᠭᠠᠨ ᠨᠣᠶ᠋ᠢᠷᠰᠣᠵᠤ ᠪᠤᠢ
ᠡᠵᠢ ᠵᠢᠨ ᠮᠢᠨᠢ ᠦᠨᠦᠷ᠎ᠲᠠᠢ ᠬᠥᠳᠡᠭᠡ ᠨᠤᠲᠤᠭ
ᠡᠷᠡᠭᠦᠯᠵᠢᠯ᠎ᠤᠨ ᠬᠦᠴᠦᠨ᠎ᠲᠠᠢ ᠠᠯᠲᠠᠨ ᠰᠢᠷᠣᠢ
ᠡᠷᠬᠡᠰ ᠪᠡᠶ᠎ᠡ ᠵᠢ ᠮᠢᠨᠢ ᠲᠡᠩᠴᠡᠭᠦᠷᠢᠰᠢᠭᠦᠯᠬᠦ
ᠡᠷᠴᠢ ᠰᠠᠬᠢᠭᠤᠰᠤ᠎ᠲᠠᠢ ᠳ᠋ᠧᠪᠠᠵᠠᠨ᠎ᠤ ᠣᠷᠣᠨ ᠶᠤᠮ
ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠤᠨᠢᠨ