ᠪᠠᠶᠠᠯᠢᠭ ᠨᠠᠭᠤᠷᠲᠣ ᠨᠣᠲᠤᠭ   -   ᠤᠳᠬ᠎ᠠ ᠤᠷᠠᠯᠢᠭ

ᠵᠤᠨ᠎ᠢ ᠪᠢ ᠪᠣᠷᠣᠭ᠋ᠠᠨ᠎ᠲᠠᠢ᠎ᠨᠢ ᠵᠢᠷᠤᠶ᠎ᠠ

ᠨᠡᠶ᠋ᠢᠲᠡᠯᠡᠭᠰᠡᠨ ᠴᠠᠭ᠄   2024-06-22


       ᠵᠣᠬᠢᠶᠠᠭᠴᠢ᠄ ᠣ·ᠮᠥᠩᠬᠡ


ᠵᠡᠭᠡᠷ᠎ᠡ ᠵᠢᠨ ᠭᠦᠶᠦᠳᠡᠯ ᠨᠡᠬᠡᠵᠦ
ᠬᠡᠭᠡᠷ᠎ᠡ ᠵᠢᠨ ᠰᠠᠯᠬᠢ ᠳᠠᠪᠬᠢᠭᠤᠯᠤᠨ᠎ᠠ
ᠵᠡᠷᠭᠡᠯᠭᠡ ᠰᠦᠮᠡᠯᠵᠡᠭᠦᠯᠦᠨ ᠬᠣᠯᠠᠳᠠᠬᠤ᠎ᠳᠤᠨᠢ
ᠪᠤᠷᠭᠢᠯᠤᠭ᠎ᠠ ᠪᠤᠯᠠᠭ᠎ᠤᠳ ᠯᠠ ᠮᠡᠯᠮᠡᠷᠡᠨ᠎ᠡ

ᠭᠠᠵᠠᠷ᠎ᠤᠨ ᠠᠮᠢᠰᠬᠤᠭ᠎ᠠ ᠴᠢᠩᠨᠠᠭᠰᠠᠨ
ᠭᠠᠩᠭ᠋ᠠᠩ ᠴᠡᠴᠡᠭᠡᠰ ᠳᠣᠬᠢᠯᠵᠠᠨ᠎ᠠ
ᠭᠠᠯᠠᠭᠤᠳ᠎ᠤᠨ ᠡᠭᠡᠰᠢᠭ᠎ᠲᠤ ᠤᠶᠠᠷᠠᠭᠰᠠᠨ
ᠴᠢᠯᠠᠭᠤᠳ᠎ᠤᠨ ᠵᠡᠭᠦᠳᠦᠨ ᠴᠤ᠌ ᠨᠢᠯᠪᠤᠰᠤᠷᠠᠨ᠎ᠠ

ᠬᠦᠷᠡᠩ ᠠᠭᠤᠯᠠᠰ᠎ᠤᠳ ᠨᠠᠮᠵᠤᠷᠳᠠᠨ
ᠬᠥᠨᠳᠡᠢ ᠵᠢᠯᠠᠭ᠎ᠠ᠎ᠲᠠᠢ᠎ᠪᠠᠨ ᠬᠦᠦᠷᠨᠢᠯᠳᠦᠨ᠎ᠡ
ᠬᠥᠳᠡᠭᠡ ᠰᠢᠯᠢ ᠵᠢᠨ ᠲᠤᠤᠯᠢᠰ
ᠬᠥᠯᠭᠡᠨ ᠰᠤᠳᠤᠷ ᠪᠣᠯᠵᠤ ᠡᠪᠬᠡᠭᠳᠡᠨ᠎ᠡ

ᠭᠠᠩ᠎ᠤᠨ ᠰᠢᠷ᠎ᠠ ᠲᠠᠢ᠌ᠯᠤᠭᠳᠠᠬᠤ᠎ᠳᠤ
ᠭᠠᠯ᠎ᠲᠠᠢ ᠨᠠᠷᠠ ᠴᠤ᠌ ᠴᠢᠭᠢᠭᠲᠦᠮᠡᠷ
ᠭᠠᠢ᠌ᠬᠠᠮᠰᠢᠭᠲᠤ ᠮᠣᠷᠢᠳ ᠢᠨᠴᠠᠭ᠋ᠠᠬᠤ᠎ᠳᠤ
ᠭᠠᠯᠪᠠ ᠵᠢᠨ ᠦᠵᠡᠰᠭᠦᠯᠡᠩ ᠲᠣᠳᠣᠷᠠᠮᠠᠷ

ᠰᠦᠷᠦᠭ᠎ᠨᠢ ᠰᠦᠷᠦᠭ᠎ᠲᠠᠢ᠎ᠪᠠᠨ ᠨᠡᠢ᠌ᠯᠡᠯᠳᠦᠭᠡᠳ
ᠰᠥᠨᠢ ᠵᠢᠨ ᠣᠳᠣᠳ᠎ᠲᠠᠢ ᠵᠠᠯᠭ᠋ᠠᠯᠳᠤᠮᠠᠷ
ᠰᠦᠵᠢᠭ᠎ᠨᠢ ᠰᠦᠵᠢᠭ᠎ᠲᠠᠢ᠎ᠪᠠᠨ ᠰᠢᠲᠦᠯᠴᠡᠭᠡᠳ
ᠰᠦᠷᠯᠢᠭ ᠤᠪᠤᠭ᠋ᠠᠳ᠎ᠲᠠᠢ᠎ᠪᠠᠨ ᠪᠣᠷᠣᠭ᠋ᠠᠰᠢᠮᠠᠷ

ᠶᠠᠮᠠᠷ ᠳᠣᠲᠣᠨᠣᠬᠠᠨ ᠤᠯᠠᠷᠢᠯ ᠶᠤᠮ ᠳ᠋ᠠ
ᠶᠠᠭ᠋ᠠᠬᠢᠬᠤ᠎ᠳᠠᠭᠠᠨ ᠲᠠᠰᠤᠯᠬᠠᠨ ᠰᠠᠨᠠᠭᠳᠠᠳᠠᠭ ᠶᠤᠮ ᠳ᠋ᠠ
ᠨᠠᠢ᠌ᠷ ᠬᠠᠢ᠌ᠷ᠎ᠠ ᠳᠠᠪᠬᠤᠴᠠᠭᠰᠠᠨ
ᠡᠢ᠌ᠮᠦ ᠰᠠᠢ᠌ᠬᠠᠨ ᠤᠯᠠᠷᠢᠯ᠎ᠢ ᠪᠢ

ᠨᠠᠯᠠᠭ᠋ᠠᠷ ᠨᠠᠮᠤᠷ ᠵᠦᠭ ᠤᠶᠠᠩᠭ᠋ᠠᠷᠠᠵᠤ ᠳᠠᠭᠤᠷᠢᠰᠳᠠᠭ
ᠨᠠᠪᠴᠢᠨ ᠨᠣᠭᠣᠭ᠋ᠠᠨ ᠵᠤᠨ ᠮᠢᠨᠢ ᠭᠡᠵᠦ ᠵᠢᠷᠤᠬᠤ ᠤᠤ
ᠨᠠᠮ᠎ᠠ ᠵᠢ ᠴᠢᠮ᠎ᠠ ᠵᠢ ᠮᠠᠷᠲᠠᠭᠤᠯᠵᠤ ᠴᠢᠳᠠᠬᠤ ᠦᠭᠡᠢ
ᠨᠡᠢ᠌ᠳᠡᠮ ᠰᠡᠩᠰᠡᠷᠡᠳᠡᠭ ᠪᠣᠷᠣᠭ᠋ᠠᠨ᠎ᠲᠠᠢ᠎ᠨᠢ ᠵᠢᠷᠤᠬᠤ ᠤᠤ


ᠢᠷᠡᠯᠲᠡ᠄ ᠳᠤᠮᠳᠠᠲᠤ ᠤᠯᠤᠰ᠎ᠤᠨ ᠮᠣᠩᠭᠤᠯ ᠬᠡᠯᠡᠨ᠎ᠤ ᠰᠣᠨᠢᠨ ᠮᠡᠳᠡᠭᠡ ᠵᠢᠨ ᠰᠦᠯᠵᠢᠶ᠎ᠡ