ᠰᠤᠷᠪᠤᠯᠵᠢᠯᠠᠭᠴᠢ ᠲᠠ ᠵᠦᠳᠡᠷᠡᠪᠡᠦ?
ᠨᠡᠶ᠋ᠢᠲᠡᠯᠡᠭᠰᠡᠨ ᠴᠠᠭ᠄ 2024-12-27
ᠡᠯ᠎ᠡ ᠹᠷᠣᠨᠲ᠎ᠤᠨ ᠠᠵᠢᠯ᠎ᠤᠨ ᠪᠠᠶ᠋ᠢᠷᠢ᠎ᠳᠤ
ᠡᠷᠡᠮᠡᠬᠡᠶ᠋ᠢᠯᠡᠨ ᠭᠠᠪᠰᠢᠭ᠋ᠠᠶ᠋ᠢᠯᠠᠳᠠᠭ ᠲᠡᠷᠢᠭᠦᠨ᠎ᠤ ᠬᠥᠮᠦᠰ
ᠡᠭᠡᠯ ᠵᠢᠷ᠎ᠤᠨ ᠠᠵᠢᠯ ᠶᠠᠪᠤᠳᠠᠯ᠎ᠳᠠᠭᠠᠨ
ᠡᠷᠬᠢᠮ ᠵᠢᠳᠬᠦᠯ ᠵᠶ᠋ᠠᠨ ᠦᠵᠡᠭᠦᠯᠵᠦ ᠪᠠᠶ᠋ᠢᠳᠠᠭ
ᠲᠠ ᠨᠠᠷ᠎ᠤᠨ ᠳᠠᠭ᠋ᠠᠭᠤᠯᠭ᠎ᠠ ᠪᠠᠶ᠋ᠢᠮᠠᠨ ᠰᠠᠶᠢ
ᠳᠠᠶᠠᠭ᠋ᠠᠷ᠎ᠤᠨ ᠴᠢᠳᠠᠯ ᠬᠥᠪᠴᠢᠯᠡᠭᠳᠡᠨ᠎ᠡ
ᠳᠠᠭᠤᠷᠢᠶᠠᠯ᠎ᠤᠨ ᠬᠦᠴᠦᠨ ᠪᠠᠶ᠋ᠢᠮᠠᠨ ᠰᠠᠶᠢ
ᠲᠠᠩᠰᠤᠭ ᠪᠦᠲᠦᠮᠵᠢ ᠳᠠᠶ᠋ᠢᠴᠢᠯᠠᠭᠳᠠᠨᠠ
ᠰᠢᠨ᠎ᠡ ᠡᠷᠢᠨ᠎ᠤ ᠴᠠᠭ ᠦᠶ᠎ᠡ᠎ᠳᠤ
ᠰᠢᠯᠢᠳᠡᠭ ᠬᠥᠮᠦᠰ ᠴᠣᠯᠭᠤᠷᠠᠵᠤ ᠪᠠᠶ᠋ᠢᠳᠠᠭ
ᠰᠢᠯᠢᠳᠡᠭ ᠬᠥᠮᠦᠰ ᠵᠶ᠋ᠠᠨ ᠤᠬᠠᠭᠤᠯᠬᠤ᠎ᠳᠤ
ᠰᠤᠷᠪᠤᠯᠵᠢᠯᠠᠭᠴᠢ ᠬᠥᠮᠦᠰ ᠶᠠᠭ᠋ᠠᠷᠠᠤ ᠪᠠᠶ᠋ᠢᠳᠠᠭ
ᠲᠥᠷᠥ ᠤᠯᠤᠰ᠎ᠤᠨ ᠬᠥᠭᠵᠢᠯᠲᠡ᠎ᠳᠤ
ᠲᠦᠷᠦᠭᠦᠯᠡᠵᠦ ᠬᠤᠰᠢᠭᠤᠷᠠᠳᠠᠭ ᠬᠥᠳᠡᠯᠮᠦᠷᠢᠴᠢᠳ
ᠲᠡᠷᠢᠭᠦᠨ᠎ᠤ ᠬᠥᠮᠦᠰ ᠵᠶ᠋ᠠᠨ ᠤᠬᠠᠭᠤᠯᠬᠤ᠎ᠪᠠᠷ
ᠰᠤᠷᠪᠤᠯᠵᠢᠯᠠᠭᠴᠢᠳ ᠮᠢᠨᠢ ᠵᠦᠳᠡᠷᠡᠪᠡᠦ?
ᠢᠷᠡᠯᠲᠡ᠄ ᠪᠠᠶᠠᠨ ᠨᠠᠭᠤᠷ᠎ᠤᠨ ᠡᠳᠦᠷ᠎ᠤᠨ ᠰᠣᠨᠢᠨ