ᠪᠠᠶᠠᠯᠢᠭ ᠨᠠᠭᠤᠷᠲᠣ ᠨᠣᠲᠤᠭ   -   ᠪᠠᠶᠠᠯᠢᠭ ᠨᠠᠭᠤᠷᠲᠣ ᠨᠣᠲᠤᠭ

ᠵᠢᠨ ᠮᠠ ᠬᠤ᠌ ᠨᠠᠭᠤᠷ

ᠨᠡᠶ᠋ᠢᠲᠡᠯᠡᠭᠰᠡᠨ ᠴᠠᠭ᠄   2021-11-25

      ᠵᠢᠨ ᠮᠠ ᠬᠤ᠌ ᠨᠠᠭᠤᠷ᠎ᠤᠨ ᠦᠵᠡᠮᠵᠢ ᠵᠢᠨ ᠣᠷᠣᠨ᠎ᠨᠢ ᠳ᠋ᠧᠩᠺᠧᠦ ᠰᠢᠶᠠᠨ᠎ᠤ ᠯᠦᠩ ᠱᠧᠩ ᠾᠧ ᠪᠠᠯᠭ᠋ᠠᠰᠤ ᠵᠢᠨ ᠬᠢᠵᠠᠭ᠋ᠠᠷ᠎ᠲᠤ ᠪᠠᠶ᠋ᠢᠷᠢᠰᠢᠵᠤ᠂ ᠤᠯᠠᠭ᠋ᠠᠨᠪᠤᠬ᠎ᠠ ᠵᠢᠨ ᠡᠯᠡᠰᠦᠨ ᠴᠥᠯ᠎ᠤᠨ ᠭᠦᠨ᠎ᠳᠤ ᠣᠷᠣᠰᠢᠵᠤ᠂ ᠳ᠋ᠧᠩᠺᠧᠦ ᠰᠢᠶᠠᠨ᠎ᠤ ᠪᠠᠶᠠᠨᠭᠣᠣᠯ ᠪᠠᠯᠭ᠋ᠠᠰᠤ᠎ᠠᠴᠠ 38 ᠺᠢᠯᠣᠮᠧᠲᠷ ᠵᠠᠶ᠋ᠢᠲᠠᠢ᠂ ᠯᠢᠨ ᠾᠧ ᠵᠢᠨ ᠬᠣᠲᠠ ᠵᠢᠨ ᠲᠣᠭᠣᠷᠢᠭ᠎ᠠᠴᠠ 43 ᠺᠢᠯᠣᠮᠧᠲᠷ ᠵᠠᠶ᠋ᠢᠲᠠᠢ ᠪᠠᠶ᠋ᠢᠵᠤ᠂ ᠮᠠᠨ᠎ᠤ ᠰᠢᠶᠠᠨ ᠵᠢᠨ ᠮᠠ ᠵᠢᠭ᠋ᠠᠰᠤᠨ ᠲᠣᠰᠬᠣᠨ᠂ ᠣᠯᠠᠨ ᠤᠯᠤᠰ᠎ᠤᠨ ᠵᠢᠭ᠋ᠠᠰᠤ ᠭᠥᠬᠢᠳᠡᠬᠦ ᠲᠥᠪ᠂ ᠠᠮᠢ ᠠᠬᠤᠢ ᠵᠢᠨ ᠵᠢᠭ᠋ᠠᠰᠤ ᠲᠡᠵᠢᠭᠡᠬᠦ ᠰᠠᠭᠤᠷᠢᠨ᠂ ᠠᠯᠲᠠᠨ ᠳᠤᠭ᠋ᠠᠩᠲᠤ ᠰᠦᠮ᠎ᠡ᠂ ᠠᠯᠲᠠᠨ ᠲᠣᠣᠷᠠᠢ᠂ ᠵᠢᠮᠢᠰ ᠨᠣᠭᠣᠭ᠎ᠠ ᠲᠡᠭᠦᠬᠦ ᠬᠦᠷᠢᠶᠡᠯᠡᠩ ᠪᠠ ᠠᠮᠢ ᠠᠬᠤᠢ ᠵᠢᠨ ᠲᠠᠷᠢᠶᠠᠯᠠᠩ᠎ᠤᠨ ᠲᠣᠰᠬᠣᠨ ᠵᠡᠷᠭᠡ ᠵᠤᠭ᠋ᠠᠴᠠᠯ᠎ᠤᠨ ᠦᠵᠡᠮᠵᠢ᠎ᠳᠤ ᠲᠦᠰᠢᠭᠯᠡᠨ ᠪᠠᠶ᠋ᠢᠭᠤᠯᠤᠭᠰᠠᠨ᠂ ᠬᠥᠳᠡᠭᠡ ᠲᠣᠰᠬᠣᠨ᠎ᠤ ᠵᠤᠭ᠋ᠠᠴᠠᠯ᠂ ᠠᠵᠤ ᠦᠢ᠍ᠯᠡᠰ ᠵᠶ᠋ᠠᠷ ᠶᠠᠳᠠᠭᠤ ᠵᠢ ᠲᠡᠳᠬᠦᠬᠦ᠂ ᠲᠠᠮᠢᠷ᠎ᠤᠨ ᠬᠥᠳᠡᠯᠭᠡᠭᠡᠨ᠂ ᠤᠰᠤᠨ ᠭᠠᠷᠤᠯᠲᠠ ᠵᠢ ᠲᠡᠵᠢᠭᠡᠨ ᠦᠷᠡᠵᠢᠭᠦᠯᠬᠦ᠂ ᠰᠡᠯᠡᠭᠦᠴᠡᠯ ᠵᠤᠭ᠋ᠠᠴᠠᠯ᠎ᠢ ᠨᠢᠭᠡᠳᠬᠡᠭᠰᠡᠨ ᠵᠤᠭ᠋ᠠᠴᠠᠯ᠎ᠤᠨ ᠦᠵᠡᠮᠵᠢᠲᠦ ᠣᠷᠣᠨ ᠪᠣᠯᠣᠨ᠎ᠠ᠃
   ᠦᠵᠡᠮᠵᠢ ᠵᠢᠨ ᠣᠷᠣᠨ᠎ᠤ ᠲᠠᠯᠠᠪᠠᠢ᠎ᠨᠢ 3400 ᠮᠦ᠍ ᠪᠠᠶ᠋ᠢᠵᠤ᠂ ᠪᠠᠶ᠋ᠢᠭ᠋ᠠᠯᠢ ᠵᠢᠨ ᠨᠠᠭᠤᠷ ᠪᠦᠷᠢᠳᠦ 2750 ᠮᠦ᠍ ᠪᠠᠶ᠋ᠢᠳᠠᠭ᠃ ᠣᠳᠣᠬᠠᠨ᠎ᠳᠤ᠂ ᠦᠵᠡᠮᠵᠢ ᠵᠢᠨ ᠣᠷᠣᠨ᠎ᠳᠤ ᠨᠠᠭᠤᠷ᠎ᠢ ᠲᠣᠭᠣᠷᠢᠭᠰᠠᠨ ᠣᠢ ᠵᠢᠨ ᠪᠦᠰᠡ᠂ ᠠᠷᠠᠯ᠂ ᠨᠠᠭᠤᠷ ᠲᠣᠭᠣᠷᠢᠭᠰᠠᠨ ᠵᠠᠮ᠂ ᠲᠡᠷᠭᠡᠨ ᠵᠣᠭᠰᠣᠭ᠋ᠠᠯ᠂ ᠭᠠᠷᠠᠮ᠂ ᠲᠢᠩᠰᠡ᠂ ᠭᠤᠳᠤᠮ᠂ ᠵᠤᠰᠠᠯᠠᠩ᠎ᠤᠨ ᠣᠷᠳᠣᠨ᠂ ᠬᠣᠯᠠᠨᠳ᠋᠎ᠤᠨ ᠰᠠᠯᠬᠢᠨ ᠬᠦᠷᠳᠦ ᠵᠡᠷᠭᠡ ᠰᠠᠭᠤᠷᠢ ᠲᠥᠬᠥᠭᠡᠷᠦᠮᠵᠢ ᠵᠢ ᠪᠦᠷᠢᠨᠰᠢᠭᠦᠯᠦᠭᠰᠡᠨ ᠪᠥᠭᠡᠳ᠂ ᠨᠢᠭᠡ ᠯᠡ ᠳᠡᠭᠡᠷ᠎ᠡ 500 ᠬᠥᠮᠥᠨ᠎ᠤ ᠬᠣᠭᠣᠯᠠᠯᠠᠵᠤ ᠬᠣᠨᠣᠭᠯᠠᠬᠤ᠂ 300 ᠬᠥᠮᠥᠨ᠎ᠤ ᠲᠦᠳᠡᠭ ᠰᠢᠲᠠᠭ᠋ᠠᠨ ᠰᠢᠷᠠᠮᠠᠭ ᠬᠢᠵᠦ ᠬᠣᠭᠣᠯᠠᠯᠠᠬᠤ᠂ 480 ᠬᠥᠮᠥᠨ᠎ᠤ ᠵᠢᠭ᠋ᠠᠰᠤ ᠭᠥᠬᠢᠳᠡᠬᠦ ᠬᠡᠷᠡᠭᠴᠡᠭᠡ ᠵᠢ ᠬᠠᠩᠭ᠋ᠠᠵᠤ ᠳᠡᠶ᠋ᠢᠯᠦᠨ᠎ᠡ᠃ ᠡᠨᠳᠡ ᠬᠥᠮᠥᠰ ᠵᠢᠮᠢᠰ ᠨᠣᠭᠣᠭ᠎ᠠ ᠲᠡᠭᠦᠬᠦ᠂ ᠲᠦᠳᠡᠭ ᠰᠢᠲᠠᠭ᠋ᠠᠨ ᠰᠢᠷᠠᠮᠠᠭ ᠬᠢᠬᠦ᠂ ᠮᠣᠲ᠋ᠣᠷᠲᠤ ᠵᠠᠪᠢ᠎ᠪᠠᠷ ᠠᠶᠠᠯᠠᠬᠤ᠂ ᠵᠢᠭ᠋ᠠᠰᠤ ᠭᠥᠬᠢᠳᠡᠬᠦ᠂ ᠣᠨᠴᠠᠯᠢᠭᠲᠤ ᠢᠳᠡᠭᠡᠨ ᠠᠮᠰᠠᠬᠤ᠂ ᠣᠨᠴᠠᠯᠢᠭᠲᠤ ᠲᠣᠭᠯᠠᠯᠲᠠ ᠰᠣᠨᠢᠷᠬᠠᠬᠤ᠂ ᠡᠪᠦᠯ᠎ᠤᠨ ᠠᠩᠨᠠᠯᠲᠠ ᠬᠢᠬᠦ᠂ ᠡᠪᠦᠯ ᠵᠢᠭ᠋ᠠᠰᠤ ᠭᠥᠬᠢᠳᠡᠬᠦ᠂ ᠮᠥᠰᠥ ᠲᠡᠰᠢᠬᠦ ᠵᠡᠷᠭᠡ ᠵᠤᠭ᠎ᠠ ᠴᠡᠩᠭᠡᠯ᠎ᠤᠨ ᠲᠥᠷᠥᠯ ᠵᠦᠢ᠍ᠯ᠎ᠢ ᠥᠷᠨᠢᠭᠦᠯᠵᠦ ᠪᠣᠯᠳᠠᠭ᠃ ᠵᠤᠨ ᠨᠠᠮᠤᠷ᠎ᠤᠨ ᠤᠯᠠᠷᠢᠯ᠎ᠳᠤ᠂ ᠡᠯ᠎ᠡ ᠭᠠᠵᠠᠷ᠎ᠤᠨ ᠵᠢᠭ᠋ᠠᠰᠤ ᠭᠥᠬᠢᠳᠡᠬᠦ ᠪᠠᠬᠠᠲᠠᠳ ᠡᠨᠳᠡ ᠴᠤᠭᠯᠠᠷᠠᠨ ᠮᠡᠷᠭᠡᠵᠢᠯ᠎ᠤᠨ ᠭᠠᠶ᠋ᠢᠬᠠᠭᠤᠯᠵᠤ᠂ ᠨᠥᠬᠥᠷᠯᠡᠯ ᠵᠶ᠋ᠠᠨ ᠵᠤᠵᠠᠭ᠋ᠠᠳᠬᠠᠳᠠᠭ ᠰᠠᠨ᠃ ᠡᠵᠡᠩᠨᠡᠯᠲᠡ᠎ᠪᠠᠨ ᠡᠬᠢᠯᠡᠭᠦᠯᠦᠭᠰᠡᠨ᠎ᠠᠴᠠ ᠨᠠᠭ᠋ᠠᠰᠢ᠂ ᠡᠯ᠎ᠡ ᠲᠥᠷᠥᠯ᠎ᠤᠨ ᠤᠷᠤᠯᠳᠤᠭ᠋ᠠᠨ᠎ᠢ ᠨᠡᠶ᠋ᠢᠲᠡ 200 ᠭᠠᠷᠤᠢ ᠤᠳᠠᠭ᠎ᠠ ᠳᠠᠭ᠋ᠠᠭ᠋ᠠᠨ ᠡᠷᠬᠢᠯᠡᠵᠡᠢ᠃ ᠦᠵᠡᠮᠵᠢ ᠵᠢᠨ ᠣᠷᠣᠨ᠎ᠳᠤ ᠲᠦᠰᠢᠭᠯᠡᠨ ᠪᠠᠶ᠋ᠢᠭᠤᠯᠤᠭᠰᠠᠨ ᠣᠨᠢᠨ ᠳᠡᠭᠡᠷ᠎ᠡ᠎ᠨᠢ ᠶᠠᠳᠠᠭᠤ ᠵᠢ ᠲᠡᠳᠬᠦᠬᠦ᠎ᠪᠠᠷ ᠪᠦᠬᠦᠯᠢ ᠲᠣᠰᠬᠣᠨ ᠵᠶ᠋ᠠᠷ᠎ᠨᠢ ᠨᠡᠭᠦᠯᠭᠡᠨ ᠰᠢᠯᠵᠢᠭᠦᠯᠦᠭᠰᠡᠨ ᠵᠢᠨ ᠮᠠ ᠵᠢᠭ᠋ᠠᠰᠤᠨ ᠲᠣᠰᠬᠣᠨ ᠪᠣᠯ ᠮᠠᠨ᠎ᠤ ᠰᠢᠶᠠᠨ᠎ᠤ 《ᠵᠢᠭ᠋ᠠᠰᠤᠴᠢᠨ ᠠᠶ᠋ᠢᠯ᠎ᠤᠨ ᠵᠣᠭᠣᠭ᠎ᠤᠨ ᠭᠠᠵᠠᠷ》᠎ᠤᠨ ᠬᠥᠳᠡᠭᠡ ᠲᠣᠰᠬᠣᠨ᠎ᠤ ᠵᠤᠭ᠋ᠠᠴᠠᠯ᠎ᠤᠨ ᠵᠢᠱ᠌ᠢᠶ᠎ᠡ ᠦᠵᠡᠭᠦᠯᠬᠦ ᠲᠣᠰᠬᠣᠨ ᠪᠠᠶ᠋ᠢᠵᠤ᠂ ᠡᠯ᠎ᠡ ᠭᠠᠵᠠᠷ᠎ᠤᠨ ᠵᠤᠭ᠋ᠠᠴᠠᠭᠰᠠᠳ᠎ᠤᠨ ᠳᠤᠷ᠎ᠠ ᠰᠣᠨᠢᠷᠬᠠᠯ᠎ᠢ ᠶᠡᠬᠡᠳᠡ ᠲᠠᠲᠠᠵᠤ ᠪᠠᠶ᠋ᠢᠳᠠᠭ ᠰᠠᠨ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ