ᠪᠠᠶᠠᠯᠢᠭ ᠨᠠᠭᠤᠷᠲᠣ ᠨᠣᠲᠤᠭ   -   ᠪᠠᠶᠠᠯᠢᠭ ᠨᠠᠭᠤᠷᠲᠣ ᠨᠣᠲᠤᠭ

ᠬᠠᠲᠤᠨ ᠭᠣᠣᠯ᠎ᠢ 《ᠡᠬᠡ ᠭᠣᠣᠯ》 ᠭᠡᠳᠡᠭ᠎ᠤᠨ ᠤᠴᠢᠷ

ᠨᠡᠶ᠋ᠢᠲᠡᠯᠡᠭᠰᠡᠨ ᠴᠠᠭ᠄   2021-11-25

      ᠬᠠᠲᠤᠨ ᠭᠣᠣᠯ᠎ᠤᠨ ᠰᠠᠪᠠ ᠭᠠᠵᠠᠷ᠎ᠤᠨ ᠠᠭᠤᠷ ᠠᠮᠢᠰᠬᠤᠯ ᠳᠤᠯᠠᠭ᠋ᠠᠨ᠂ ᠤᠰᠤᠯᠠᠯᠲᠠ ᠵᠢᠨ ᠨᠥᠬᠥᠴᠡᠯ ᠰᠠᠶ᠋ᠢᠨ᠂ ᠲᠠᠷᠢᠶᠠᠯᠠᠩ ᠦᠢ᠍ᠯᠡᠳᠪᠦᠷᠢᠯᠡᠯ᠎ᠳᠤ ᠠᠰᠢᠭᠲᠠᠢ ᠲᠤᠯᠠ ᠠᠯᠢ ᠡᠷᠲᠡᠨ᠎ᠠᠴᠠ ᠠᠪᠤᠭ᠋ᠠᠳ ᠬᠥᠮᠥᠨ ᠲᠥᠷᠥᠯᠬᠢᠲᠡᠨ ᠡᠨᠳᠡ ᠣᠷᠣᠰᠢᠨ ᠠᠮᠢᠳᠤᠷᠠᠵᠤ ᠪᠠᠶ᠋ᠢᠵᠠᠢ᠃ ᠰᠡᠭᠦᠯᠡᠷ᠎ᠨᠢ ᠲᠤᠰ ᠭᠠᠵᠠᠷ᠎ᠨᠢ ᠪᠠᠰᠠ ᠬᠡᠳᠥᠨ ᠲᠥᠷᠥ ᠵᠢᠨ ᠭᠣᠣᠯ ᠣᠷᠣᠨ ᠪᠣᠯᠵᠤ᠂ ᠨᠡᠯᠢᠶᠡᠳ ᠣᠯᠠᠨ ᠡᠷᠲᠡᠨ᠎ᠤ ᠪᠣᠯᠪᠠᠰᠤᠨ᠎ᠢ ᠬᠠᠷᠠᠭᠤᠯᠤᠭᠰᠠᠨ ᠰᠢᠨᠵᠢᠯᠡᠬᠦ ᠤᠬᠠᠭ᠋ᠠᠨ ᠮᠡᠷᠭᠡᠵᠢᠯ᠂ ᠰᠢᠨ᠎ᠡ ᠡᠭᠦᠳᠥᠯᠲᠡ᠂ ᠰᠣᠶᠣᠯ ᠤᠷᠠᠯᠢᠭ ᠵᠡᠷᠭᠡ ᠵᠢ ᠡᠭᠦᠳᠥᠭᠰᠡᠨ ᠪᠠᠶ᠋ᠢᠳᠠᠭ᠃ ᠬᠡᠳᠥᠨ ᠮᠢᠩᠭ᠋ᠠᠨ ᠵᠢᠯ᠎ᠤᠨ ᠲᠤᠷᠰᠢ᠂ ᠳᠤᠮᠳᠠᠳᠤ ᠵᠢᠨ ᠲᠡᠦᠬᠡᠨ ᠳᠡᠭᠡᠷ᠎ᠡ᠂ ᠬᠠᠲᠤᠨ ᠭᠣᠣᠯ᠎ᠤᠨ ᠰᠠᠪᠠ ᠭᠠᠵᠠᠷ᠎ᠨᠢ ᠬᠥᠮᠥᠨ ᠲᠥᠷᠥᠯᠬᠢᠲᠡᠨ᠎ᠤ ᠪᠣᠯᠪᠠᠰᠤᠨ᠎ᠳᠤ ᠠᠤᠭ᠎ᠠ ᠨᠥᠯᠥᠭᠡ ᠦᠵᠡᠭᠦᠯᠵᠡᠢ᠃ ᠡᠶ᠋ᠢᠮᠦ᠎ᠠᠴᠠ ᠬᠠᠲᠤᠨ ᠭᠣᠣᠯ᠎ᠨᠢ ᠳᠤᠮᠳᠠᠳᠤ ᠵᠢᠨ ᠪᠣᠯᠪᠠᠰᠤᠨ᠎ᠢ ᠪᠣᠶ᠋ᠢᠵᠢᠭᠤᠯᠵᠤ᠂ ᠳᠤᠮᠳᠠᠳᠤ ᠵᠢᠨ ᠦᠨᠳᠥᠰᠦᠲᠡᠨ᠎ᠢ ᠬᠥᠭᠵᠢᠭᠦᠯᠵᠦ ᠢᠷᠡᠵᠡᠢ ᠭᠡᠵᠦ ᠬᠡᠯᠡᠵᠦ ᠪᠣᠯᠣᠨ᠎ᠠ᠂ ᠡᠶ᠋ᠢᠮᠦ᠎ᠠᠴᠠ ᠬᠠᠲᠤᠨ ᠭᠣᠣᠯ᠎ᠢ ᠳᠤᠮᠳᠠᠳᠤ ᠵᠢᠨ ᠦᠨᠳᠥᠰᠦᠲᠡᠨ᠎ᠤ 《ᠡᠬᠡ ᠭᠣᠣᠯ》 ᠭᠡᠳᠡᠭ᠃

ᠢᠷᠡᠯᠲᠡ᠄ ᠲᠤᠰ ᠰᠦᠯᠵᠢᠶ᠎ᠡ