ᠬᠠᠲᠤᠨ ᠭᠣᠣᠯ᠎ᠤᠨ ᠨᠢᠭᠡᠳᠥᠭᠡᠷ ᠬᠠᠰᠢᠯᠭ᠎ᠠ — ᠰᠠᠨ ᠱᠧᠩ ᠭᠦᠩ᠎ᠤᠨ ᠤᠰᠤᠨ ᠠᠰᠢᠭᠯᠠᠯᠲᠠ ᠵᠢᠨ ᠬᠦᠢ᠍ᠰᠦ ᠪᠠᠷᠢᠯᠭ᠎ᠠ
ᠨᠡᠶ᠋ᠢᠲᠡᠯᠡᠭᠰᠡᠨ ᠴᠠᠭ᠄ 2021-11-25
ᠬᠠᠲᠤᠨ ᠭᠣᠣᠯ᠎ᠤᠨ ᠰᠠᠨ ᠱᠧᠩ ᠭᠦᠩ᠎ᠳᠠᠬᠢ ᠤᠯᠤᠰ᠎ᠤᠨ ᠤᠰᠤᠨ ᠠᠰᠢᠭᠯᠠᠯᠲᠠ ᠵᠢᠨ ᠦᠵᠡᠮᠵᠢ ᠵᠢᠨ ᠣᠷᠣᠨ᠎ᠨᠢ ᠳ᠋ᠧᠩᠺᠧᠦ ᠰᠢᠶᠠᠨ᠎ᠤ ᠪᠠᠶᠠᠨᠭᠣᠣᠯ ᠪᠠᠯᠭ᠋ᠠᠰᠤ ᠵᠢᠨ ᠵᠡᠭᠦᠨ ᠡᠮᠦᠨ᠎ᠡ 2 ᠺᠢᠯᠣᠮᠧᠲᠷ᠎ᠤᠨ ᠵᠠᠢ᠎ᠳᠤ ᠪᠠᠶ᠋ᠢᠷᠢᠯᠠᠵᠤ᠂ ᠰᠠᠨ ᠱᠧᠩ ᠭᠦᠩ᠎ᠤᠨ ᠤᠰᠤᠨ ᠠᠰᠢᠭᠯᠠᠯᠲᠠ ᠵᠢᠨ ᠬᠦᠢ᠍ᠰᠦ ᠪᠠᠷᠢᠯᠭ᠎ᠠ᠎ᠳᠤ ᠲᠦᠰᠢᠭᠯᠡᠨ ᠪᠠᠶ᠋ᠢᠭᠤᠯᠵᠤ᠂ ᠤᠯᠤᠰ᠎ᠤᠨ ᠳᠣᠲᠣᠭ᠋ᠠᠳᠤ ᠭᠠᠳᠠᠭ᠋ᠠᠳᠤ᠎ᠳᠤ ᠠᠯᠳᠠᠷ ᠨᠡᠷ᠎ᠡ᠎ᠪᠠᠨ ᠮᠠᠨᠳᠤᠭᠤᠯᠵᠤ ᠪᠠᠶ᠋ᠢᠳᠠᠭ᠃ ᠬᠦᠢ᠍ᠰᠦ ᠪᠠᠷᠢᠯᠭ᠎ᠠ ᠵᠢ 1959 ᠣᠨ᠎ᠳᠤ ᠡᠬᠢᠯᠡᠨ ᠪᠠᠶ᠋ᠢᠭᠤᠯᠵᠤ᠂ 1961 ᠣᠨ᠎ᠳᠤ ᠪᠠᠶ᠋ᠢᠭᠤᠯᠤᠨ ᠲᠡᠭᠦᠰᠬᠡᠵᠡᠢ᠃ ᠲᠤᠰ ᠪᠠᠷᠢᠯᠭ᠎ᠠ ᠪᠣᠯ ᠠᠽᠢᠶ᠎ᠠ ᠲᠢᠪ᠎ᠤᠨ ᠬᠠᠮᠤᠭ ᠶᠡᠬᠡ᠂ ᠬᠠᠲᠤᠨ ᠭᠣᠣᠯ ᠳᠡᠭᠡᠷᠡᠬᠢ ᠴᠣᠷ᠎ᠤᠨ ᠭᠠᠭᠴᠠ ᠤᠰᠤᠯᠠᠯᠲᠠ᠎ᠪᠠᠷ ᠭᠣᠣᠯ ᠪᠣᠯᠭ᠋ᠠᠭᠰᠠᠨ ᠨᠢᠭᠡ ᠡᠬᠢᠲᠦ ᠲᠣᠮᠣ ᠬᠡᠯᠪᠡᠷᠢ ᠵᠢᠨ ᠤᠰᠤᠯᠠᠯᠲᠠ ᠵᠢᠨ ᠣᠷᠣᠨ᠎ᠤ ᠬᠠᠰᠢᠯᠭ᠎ᠠ ᠵᠢᠨ ᠪᠠᠷᠢᠯᠭ᠎ᠠ ᠪᠠᠶ᠋ᠢᠵᠤ᠂ 《ᠬᠠᠲᠤᠨ ᠭᠣᠣᠯ᠎ᠤᠨ ᠨᠢᠭᠡᠳᠥᠭᠡᠷ ᠬᠠᠰᠢᠯᠭ᠎ᠠ》 ᠭᠡᠰᠡᠨ ᠠᠯᠳᠠᠷᠲᠠᠢ ᠪᠢᠯᠡ᠃ ᠲᠤᠰ ᠬᠠᠰᠢᠯᠭ᠎ᠠ᠎ᠨᠢ ᠪᠠᠰᠠ ᠵᠠᠮ ᠬᠠᠷᠢᠯᠴᠠᠭ᠎ᠠ᠂ ᠴᠠᠬᠢᠯᠭ᠋ᠠᠨ ᠭᠠᠷᠭ᠋ᠠᠬᠤ ᠪᠠ ᠵᠤᠭ᠋ᠠᠴᠠᠯ ᠵᠡᠷᠭᠡ ᠣᠯᠠᠨ ᠴᠢᠳᠠᠪᠬᠢ᠎ᠲᠠᠢ ᠪᠠᠶ᠋ᠢᠳᠠᠭ᠃
ᠲᠤᠰ ᠬᠦᠢ᠍ᠰᠦ ᠪᠠᠷᠢᠯᠭ᠎ᠠ ᠵᠢᠨ ᠪᠠᠶ᠋ᠢᠭᠤᠯᠤᠭᠳᠠᠭᠰᠠᠨ᠎ᠨᠢ 《ᠳᠠᠶᠠᠩ᠎ᠳᠤ ᠠᠯᠳᠠᠷᠲᠠᠢ ᠬᠠᠲᠤᠨ ᠭᠣᠣᠯ᠂ ᠲᠠᠩᠰᠤᠭ ᠪᠣᠷᠣᠲᠣᠬᠣᠢ ᠵᠢ ᠯᠠ ᠢᠪᠡᠭᠡᠨᠡᠮ》 ᠭᠡᠰᠡᠨ ᠦᠭᠡ ᠵᠢᠨ ᠠᠮᠢᠳᠤ ᠵᠢᠱ᠌ᠢᠶ᠎ᠡ ᠵᠢ ᠪᠦᠷᠢᠯᠳᠥᠭᠦᠯᠵᠦ᠂ ᠡᠭᠦᠨ᠎ᠤ ᠤᠯᠠᠮ᠎ᠠᠴᠠ ᠪᠣᠷᠣᠲᠣᠬᠣᠢ ᠵᠢᠨ ᠲᠦᠪᠰᠢᠨ ᠲᠠᠯ᠎ᠠ᠎ᠨᠢ 《ᠠᠷᠤ ᠭᠠᠵᠠᠷ᠎ᠤᠨ ᠵᠢᠶᠠᠩᠨᠠᠨ᠂ ᠪᠣᠭᠣᠮᠲᠠ ᠵᠢᠨ ᠭᠠᠳᠠᠨᠠᠬᠢ ᠠᠮᠤ ᠵᠢᠨ ᠰᠠᠩ》 ᠪᠣᠯᠣᠭᠰᠠᠨ ᠪᠠᠶ᠋ᠢᠳᠠᠭ᠃ ᠬᠦᠢ᠍ᠰᠦ ᠪᠠᠷᠢᠯᠭ᠎ᠠ ᠠᠰᠢᠭᠯᠠᠯᠲᠠ᠎ᠳᠤ ᠣᠷᠣᠭᠰᠠᠨ᠎ᠤ ᠳᠠᠷᠠᠭ᠎ᠠ᠂ ᠳ᠋ᠧᠩ ᠰᠢᠶᠣᠣ ᠫᠢᠩ᠂ ᠫᠧᠩ ᠵᠧᠨ᠂ ᠤᠯᠠᠭ᠋ᠠᠨᠬᠦᠦ᠂ ᠵᠢᠶᠠᠩ ᠽᠧ ᠮᠢᠨ᠂ ᠴᠢᠶᠣᠣ ᠱ᠌ᠢ᠂ ᠪᠥᠬᠡ ᠵᠡᠷᠭᠡ ᠨᠠᠮ ᠪᠠ ᠲᠥᠷᠥ ᠵᠢᠨ ᠤᠳᠤᠷᠢᠳᠬᠤ ᠬᠥᠮᠥᠰ ᠡᠨᠳᠡ ᠢᠷᠡᠵᠦ ᠲᠣᠭᠣᠷᠢᠨ ᠪᠠᠶ᠋ᠢᠴᠠᠭ᠋ᠠᠵᠤ ᠥᠩᠭᠡᠷᠡᠵᠡᠢ᠃
ᠮᠥᠰᠥᠨ ᠰᠥᠩ ᠪᠣᠯ ᠡᠨᠳᠡᠬᠢ ᠡᠪᠦᠯ᠎ᠤᠨ ᠤᠯᠠᠷᠢᠯ᠎ᠤᠨ ᠴᠢᠬᠤᠯᠠ ᠦᠵᠡᠮᠵᠢ ᠵᠢᠨ ᠨᠢᠭᠡ ᠪᠢᠯᠡ᠃ ᠵᠠᠷᠢᠮ ᠦᠶᠡᠰ ᠮᠥᠰᠥᠨ ᠰᠥᠩ᠎ᠨᠢ ᠬᠡᠳᠥᠨ ᠮᠢᠩᠭ᠋ᠠᠨ ᠮᠧᠲᠷ᠂ ᠴᠢᠨᠠᠭᠰᠢᠯᠠᠭ᠋ᠠᠳ ᠬᠡᠳᠥᠨ ᠠᠷᠪᠠᠨ ᠺᠢᠯᠣᠮᠧᠲᠷ ᠦᠷᠭᠦᠯᠵᠢᠯᠡᠵᠦ᠂ ᠪᠣᠯᠣᠷ ᠬᠣᠲᠠ ᠮᠡᠲᠦ ᠠᠤᠭ᠎ᠠ ᠰᠦᠷᠯᠢᠭ ᠦᠵᠡᠮᠵᠢ ᠵᠢ ᠪᠦᠷᠢᠯᠳᠥᠭᠦᠯᠳᠡᠭ᠃ ᠦᠳᠡᠰᠢ ᠵᠢᠨ ᠪᠦᠷᠦᠢ ᠪᠠᠭᠤᠬᠤ᠎ᠳᠤ ᠥᠩᠭᠡᠲᠦ ᠳ᠋ᠧᠩ ᠮᠢᠷᠠᠯᠵᠠᠵᠤ᠂ ᠰᠢᠷᠦᠭᠦᠨ ᠤᠷᠤᠰᠬᠠᠯ᠎ᠤᠨ ᠨᠦᠷᠭᠢᠭᠡᠨ᠂ ᠰᠡᠷᠢᠭᠦᠨ ᠵᠢᠪᠠᠷ᠎ᠤᠨ ᠰᠡᠩᠭᠢᠨᠡᠭᠡᠨᠨᠢ ᠲᠣᠭᠣᠷᠢᠨ ᠵᠤᠭ᠋ᠠᠴᠠᠭᠰᠠᠳ᠎ᠤᠨ ᠰᠡᠳᠬᠢᠯ᠎ᠢ ᠬᠥᠭᠰᠡᠭᠡᠨ ᠪᠠᠶᠠᠰᠬᠠᠨ᠎ᠠ᠃
ᠲᠤᠰ ᠦᠵᠡᠮᠵᠢ ᠵᠢᠨ ᠣᠷᠣᠨ᠎ᠨᠢ 2005 ᠣᠨ᠎ᠳᠤ ᠤᠯᠤᠰ᠎ᠤᠨ ᠤᠰᠤᠨ ᠠᠰᠢᠭᠯᠠᠯᠲᠠ ᠵᠢᠨ ᠦᠵᠡᠮᠵᠢ ᠵᠢᠨ ᠣᠷᠣᠨ ᠵᠶ᠋ᠠᠷ ᠦᠨᠡᠯᠡᠭᠳᠡᠵᠦ᠂ 2008 ᠣᠨ᠎ᠳᠤ ᠤᠯᠤᠰ᠎ᠤᠨ ᠭᠤᠷᠪᠠᠨ A ᠳᠡᠰ᠎ᠤᠨ ᠵᠤᠭ᠋ᠠᠴᠠᠯ᠎ᠤᠨ ᠦᠵᠡᠮᠵᠢ ᠵᠢᠨ ᠣᠷᠣᠨ ᠪᠣᠯᠵᠠᠢ᠃ ᠲᠤᠰ ᠭᠠᠵᠠᠷ ᠪᠣᠯ ᠪᠠᠰᠠ ᠴᠤ᠌ ᠥᠪᠡᠷᠲᠡᠭᠡᠨ ᠵᠠᠰᠠᠬᠤ ᠣᠷᠣᠨ᠎ᠤ ᠡᠬᠡ ᠤᠯᠤᠰᠴᠢ ᠦᠵᠡᠯ᠎ᠤᠨ ᠬᠥᠮᠥᠵᠢᠯ᠎ᠤᠨ ᠰᠠᠭᠤᠷᠢᠨ ᠭᠠᠵᠠᠷ᠎ᠤᠨ ᠨᠢᠭᠡ ᠪᠢᠯᠡ᠃ ᠦᠵᠡᠮᠵᠢ ᠵᠢᠨ ᠣᠷᠣᠨ᠎ᠳᠤ ᠣᠳᠣ᠄ 《ᠲᠩᠷᠢ ᠵᠢᠨ ᠳᠣᠣᠷᠠᠬᠢ ᠨᠢᠭᠡᠳᠥᠭᠡᠷ ᠲᠣᠮᠣ ᠣᠨᠢᠰᠤ — ᠰᠡᠳᠬᠢᠯ᠎ᠢ ᠬᠣᠯᠪᠣᠬᠤ ᠣᠨᠢᠰᠤ᠂ 《ᠲᠩᠷᠢ ᠵᠢᠨ ᠳᠣᠣᠷᠠᠬᠢ ᠨᠢᠭᠡᠳᠥᠭᠡᠷ ᠡᠷᠲᠡᠨ᠎ᠤ ᠶᠠᠲᠤᠭ᠎ᠠ》᠂ ᠲᠡᠮᠦᠷᠯᠢᠭ ᠱᠤᠭᠤᠮᠠᠯ᠎ᠤᠨ ᠬᠦᠷᠢᠶᠡᠯᠡᠩ᠂ ᠬᠠᠲᠤᠨ ᠭᠣᠣᠯ᠎ᠤᠨ ᠤᠰᠤᠨ ᠮᠠᠨᠳᠠᠯ᠂ ᠠᠮᠢᠲᠠᠨ᠎ᠤ ᠬᠡᠢ ᠬᠦᠰᠡᠯ᠎ᠤᠨ ᠬᠦᠷᠢᠶᠡᠯᠡᠩ ᠵᠡᠷᠭᠡ ᠦᠵᠡᠮᠵᠢ ᠵᠢᠨ ᠣᠷᠣᠨ᠎ᠲᠠᠢ ᠪᠠᠶ᠋ᠢᠵᠤ᠂ ᠵᠤᠭ᠋ᠠᠴᠠᠯ᠎ᠤᠨ ᠣᠩᠭᠣᠴᠠ᠎ᠪᠠᠷ ᠲᠣᠭᠣᠷᠢᠬᠤ᠂ ᠮᠣᠲ᠋ᠣᠷᠲᠤ ᠵᠠᠪᠢ᠎ᠪᠠᠷ ᠰᠤᠮᠤᠳᠠᠬᠤ᠂ ᠵᠢᠭ᠋ᠠᠰᠤ ᠭᠥᠬᠢᠳᠡᠬᠦ᠂ ᠰᠤᠷ ᠬᠠᠷᠪᠤᠬᠤ᠂ ᠡᠯᠡᠰᠦᠨ᠎ᠳᠤ ᠵᠤᠭ᠋ᠠᠴᠠᠬᠤ᠂ ᠨᠤᠭᠤ ᠭᠠᠵᠠᠷ᠎ᠲᠤ ᠤᠶ᠋ᠢᠮᠤᠬᠤ ᠵᠡᠷᠭᠡ ᠣᠯᠠᠨ ᠵᠤᠭ᠋ᠠᠴᠠᠯ᠎ᠤᠨ ᠲᠥᠷᠥᠯ ᠵᠦᠢ᠍ᠯ ᠪᠤᠢ᠃





ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ