ᠣᠯᠣᠰᠣᠲᠤ ᠵᠢᠨ ᠨᠠᠭᠤᠷ — ᠡᠯᠡᠰᠦᠨ ᠭᠦᠨ᠎ᠳᠠᠬᠢ ᠬᠠᠰᠤᠨ ᠲᠠᠪᠠᠭ
ᠨᠡᠶ᠋ᠢᠲᠡᠯᠡᠭᠰᠡᠨ ᠴᠠᠭ᠄ 2021-11-25
ᠣᠯᠣᠰᠣᠲᠤ ᠵᠢᠨ ᠨᠠᠭᠤᠷ᠎ᠢ ᠪᠠᠰᠠ 《ᠨᠠᠷᠢᠨᠲᠣᠬᠣᠢ ᠵᠢᠨ ᠨᠠᠭᠤᠷ》 ᠭᠡᠳᠡᠭ᠃ 《ᠨᠠᠷᠢᠨᠲᠣᠬᠣᠢ》 ᠭᠡᠳᠡᠭ᠎ᠨᠢ ᠲᠤᠬᠠᠢ ᠵᠢᠨ ᠭᠠᠵᠠᠷ᠎ᠤᠨ ᠣᠨᠴᠠᠯᠢᠭ ᠰᠢᠨᠵᠢ᠎ᠪᠠᠷ ᠨᠡᠷᠡᠶ᠋ᠢᠳᠥᠭᠰᠡᠨ ᠭᠠᠵᠠᠷ᠎ᠤᠨ ᠨᠡᠷ᠎ᠡ ᠪᠣᠯᠣᠨ᠎ᠠ᠃ ᠤᠤᠯ ᠭᠠᠵᠠᠷ᠎ᠨᠢ ᠡᠷᠭᠢ ᠰᠠᠷᠬᠢᠶᠠᠭ ᠣᠯᠠᠨ᠎ᠲᠠᠢ᠂ ᠰᠤᠭᠤᠯ ᠰᠤᠵᠠᠭ ᠦᠯᠡᠮᠵᠢ ᠭᠠᠵᠠᠷ ᠪᠠᠶ᠋ᠢᠭᠰᠠᠨ ᠲᠤᠯᠠ 《ᠨᠠᠷᠢᠨᠲᠣᠬᠣᠢ》 ᠭᠡᠵᠦ ᠨᠡᠷᠡᠰᠢᠵᠡᠢ᠃ ᠤᠤᠯ᠎ᠤᠨ ᠬᠠᠲᠤᠨᠲᠣᠬᠣᠢ ᠰᠤᠮᠤ ᠵᠢᠨ ᠪᠠᠶᠠᠨ᠌ᠥ᠌ᠨᠳᠥᠷ ᠭᠠᠴᠠᠭ᠎ᠠ ᠵᠢᠨ ᠬᠢᠵᠠᠭ᠋ᠠᠷᠲᠤ ᠪᠠᠶ᠋ᠢᠵᠤ᠂ ᠰᠡᠭᠦᠯᠡᠷ᠎ᠨᠢ ᠠᠲᠠᠷ ᠬᠠᠭ᠋ᠠᠯᠪᠤᠷᠢᠯᠠᠯᠲᠠ ᠵᠢᠨ ᠲᠣᠪᠴᠢᠶ᠎ᠠ ᠵᠢᠨ ᠨᠠᠷᠢᠨᠲᠣᠬᠣᠢ ᠲᠠᠷᠢᠶᠠᠯᠠᠩ᠎ᠤᠨ ᠲᠠᠯᠠᠪᠠᠢ ᠵᠢᠨ ᠬᠢᠵᠠᠭ᠋ᠠᠷᠲᠤ ᠣᠷᠣᠬᠤ ᠪᠣᠯᠵᠠᠢ᠃ ᠲᠠᠷᠢᠶᠠᠴᠢᠳ ᠲᠠᠷᠢᠭᠰᠠᠨ ᠣᠯᠣᠰᠣ᠎ᠪᠠᠨ ᠬᠠᠳᠤᠭ᠋ᠠᠳ ᠡᠨᠡ ᠨᠠᠭᠤᠷ᠎ᠤᠨ ᠤᠰᠤᠨ᠎ᠳᠤ ᠳᠡᠪᠲᠦᠭᠡᠳᠡᠭ ᠪᠠᠶ᠋ᠢᠭᠰᠠᠨ ᠲᠤᠯᠠ ᠨᠤᠲᠤᠭ᠎ᠤᠨ ᠮᠠᠯᠴᠢᠳ 《ᠣᠯᠣᠰᠣᠲᠤ ᠵᠢᠨ ᠨᠠᠭᠤᠷ》 ᠭᠡᠳᠡᠭ ᠪᠣᠯᠵᠠᠢ᠃
ᠣᠯᠣᠰᠣᠲᠤ ᠵᠢᠨ ᠨᠠᠭᠤᠷ᠎ᠨᠢ ᠤᠯᠠᠭ᠋ᠠᠨᠪᠤᠬ᠎ᠠ ᠵᠢᠨ ᠡᠯᠡᠰᠦᠨ ᠴᠥᠯ᠎ᠤᠨ ᠬᠢᠵᠠᠭ᠋ᠠᠷᠲᠤ ᠪᠠᠶ᠋ᠢᠷᠢᠰᠢᠵᠤ᠂ ᠬᠠᠲᠤᠨ ᠭᠣᠣᠯ᠎ᠤᠨ ᠡᠷᠲᠡᠨ᠎ᠤ ᠭᠤᠯᠳᠤᠷᠢᠯ ᠪᠠᠶ᠋ᠢᠭᠰᠠᠨ ᠪᠥᠭᠡᠳ ᠤᠳᠠᠭ᠋ᠠᠨ ᠣᠨ᠎ᠤ ᠪᠠᠶ᠋ᠢᠭ᠋ᠠᠯᠢ ᠵᠢᠨ ᠢᠳᠡᠭᠳᠡᠯ ᠵᠶ᠋ᠠᠷ ᠪᠦᠷᠢᠯᠳᠥᠭᠰᠡᠨ ᠪᠠᠶ᠋ᠢᠨ᠎ᠠ᠃ ᠪᠦᠬᠦᠶ᠋ᠢᠯᠡ ᠨᠠᠭᠤᠷ᠎ᠤᠨ ᠣᠷᠣᠨ᠎ᠤ ᠲᠠᠯᠠᠪᠠᠢ᠎ᠨᠢ 667 ᠾᠧᠺᠲ᠋ᠠᠷ᠂ ᠤᠰᠤᠲᠤ ᠣᠷᠣᠨ᠎ᠤ ᠲᠠᠯᠠᠪᠠᠢ᠎ᠨᠢ 335 ᠾᠧᠺᠲ᠋ᠠᠷ᠂ ᠥᠷᠥᠨ᠎ᠡ ᠳᠣᠷᠣᠨ᠎ᠠ ᠵᠢᠨ ᠵᠠᠢ᠎ᠨᠢ 8 ᠺᠢᠯᠣᠮᠧᠲᠷ᠂ ᠡᠮᠦᠨ᠎ᠡ ᠤᠮᠠᠷ᠎ᠠ ᠵᠢᠨ ᠵᠠᠢ᠎ᠨᠢ 2.5 ᠺᠢᠯᠣᠮᠧᠲᠷ ᠪᠠᠶ᠋ᠢᠵᠤ᠂ ᠬᠠᠮᠤᠭ ᠭᠦᠨ᠎ᠳᠡᠭᠡᠨ 6 ᠮᠧᠲᠷ ᠬᠦᠷᠴᠦ᠂ ᠤᠰᠤᠨ᠎ᠤ ᠳᠤᠮᠳᠠᠴᠢ ᠭᠦᠨ᠎ᠨᠢ 2.5 ᠮᠧᠲᠷ ᠪᠤᠢ᠃ ᠪᠦᠬᠦᠶ᠋ᠢᠯᠡ ᠨᠠᠭᠤᠷ᠎ᠨᠢ ᠲᠠᠯ᠎ᠠ ᠰᠠᠷ᠎ᠠ ᠵᠢᠨ ᠬᠡᠯᠪᠡᠷᠢ᠎ᠲᠠᠢ ᠪᠠᠶ᠋ᠢᠵᠤ᠂ ᠮᠠᠨ᠎ᠤ ᠤᠯᠤᠰ᠎ᠤᠨ ᠪᠠᠷᠠᠭᠤᠨ ᠬᠣᠶ᠋ᠢᠲᠤ ᠣᠷᠣᠨ᠎ᠳᠠᠬᠢ ᠤᠯᠠᠷᠢᠯ᠎ᠤᠨ ᠰᠢᠪᠠᠭᠤᠳ᠎ᠤᠨ ᠠᠮᠠᠷᠠᠨ ᠣᠷᠣᠰᠢᠬᠤ ᠴᠢᠬᠤᠯᠠ ᠨᠠᠭᠤᠷ ᠪᠣᠯᠵᠤ ᠪᠠᠶ᠋ᠢᠳᠠᠭ ᠪᠥᠭᠡᠳ ᠬᠠᠲᠤᠨ ᠭᠣᠣᠯ᠎ᠤᠨ ᠵᠢᠭ᠋ᠠᠰᠤᠨ᠎ᠤ ᠵᠦᠢ᠍ᠯᠡᠰ᠎ᠤᠨ ᠦᠷᠡᠵᠢᠨ ᠲᠥᠯᠵᠢᠬᠦ ᠴᠢᠬᠤᠯᠠ ᠭᠠᠵᠠᠷ ᠪᠣᠯᠵᠤ ᠪᠠᠶ᠋ᠢᠳᠠᠭ᠃ ᠡᠨᠳᠡ ᠠᠮᠢᠳᠤᠷᠠᠨ ᠣᠷᠣᠰᠢᠳᠠᠭ ᠰᠢᠪᠠᠭᠤ ᠪᠠ ᠵᠢᠭ᠋ᠠᠰᠤᠨ᠎ᠤ ᠡᠭᠦᠯᠳᠡᠷ ᠪᠠᠷᠤᠭ 100 ᠭᠠᠷᠤᠢ ᠪᠠᠶ᠋ᠢᠵᠤ᠂ ᠤᠯᠤᠰ᠎ᠤᠨ ᠨᠢᠭᠡ ᠪᠠ ᠬᠣᠶᠠᠳᠤᠭ᠋ᠠᠷ ᠳᠡᠰ᠎ᠤᠨ ᠬᠠᠮᠠᠭ᠋ᠠᠯᠠᠯᠲᠠ ᠵᠢᠨ ᠰᠢᠪᠠᠭᠤ ᠪᠠ ᠣᠷᠣᠨ ᠨᠤᠲᠤᠭ᠎ᠤᠨ ᠬᠠᠮᠠᠭ᠋ᠠᠯᠠᠯᠲᠠ ᠵᠢᠨ ᠰᠢᠪᠠᠭᠤᠳᠤ ᠬᠤᠨ ᠭᠠᠯᠠᠭᠤ᠂ ᠬᠠᠷ᠎ᠠ ᠬᠤᠨ᠂ ᠬᠠᠷᠬᠢᠷ᠎ᠠ᠂ ᠴᠠᠭ᠋ᠠᠨ ᠳᠡᠭᠡᠯᠡᠢ᠂ ᠬᠥᠬᠡ ᠳᠡᠭᠡᠯᠡᠢ᠂ ᠤᠷᠠᠨ ᠬᠠᠵᠢᠨ᠂ ᠯᠠᠮᠠ ᠭᠠᠯᠠᠭᠤ᠂ ᠨᠠᠩᠭᠢᠶᠠᠳ ᠭᠤᠷᠭᠤᠤᠯ᠂ ᠵᠡᠷᠯᠢᠭ ᠨᠤᠭᠤᠰᠤ ᠵᠡᠷᠭᠡ ᠪᠤᠢ᠃ ᠪᠠᠰᠠ ᠬᠠᠲᠤᠨ ᠭᠣᠣᠯ᠎ᠤᠨ ᠮᠥᠷᠭᠥ ᠵᠢᠭ᠋ᠠᠰᠤ᠂ ᠬᠠᠶ᠋ᠢᠳᠠᠷ᠂ ᠴᠤᠯᠪᠤᠭᠤᠷ᠎ᠲᠤ ᠵᠢᠭ᠋ᠠᠰᠤ᠂ ᠬᠡᠯᠲᠡᠭᠡ᠂ ᠢᠯᠭ᠋ᠠᠨᠠ᠂ ᠪᠥᠭᠡᠷᠡᠩᠬᠡᠢ ᠲᠣᠯᠣᠭ᠋ᠠᠶ᠋ᠢᠲᠤ ᠬᠠᠷ᠎ᠠ ᠬᠠᠶ᠋ᠢᠭᠠ᠂ ᠨᠠᠢ᠍ᠮᠠᠯᠵᠢ᠂ ᠰᠠᠮ ᠬᠣᠷᠣᠬᠠᠢ ᠵᠡᠷᠭᠡ ᠬᠡᠳᠥᠨ ᠠᠷᠪᠠᠨ ᠵᠦᠢ᠍ᠯ᠎ᠤᠨ ᠤᠰᠤᠨ᠎ᠤ ᠠᠮᠢᠲᠠᠨ ᠣᠷᠣᠰᠢᠨ ᠠᠮᠢᠳᠤᠷᠠᠵᠤ ᠪᠠᠶ᠋ᠢᠳᠠᠭ᠃ ᠨᠠᠭᠤᠷ᠎ᠤᠨ ᠡᠮᠦᠨ᠎ᠡ ᠡᠷᠭᠢ᠎ᠳᠤ ᠮᠢᠩᠭ᠋ᠠᠨ ᠮᠦ᠍ ᠲᠣᠣᠷᠠᠢ ᠵᠢᠨ ᠣᠢᠲᠠᠢ᠂ ᠤᠮᠠᠷ᠎ᠠ ᠡᠷᠭᠢ᠎ᠨᠢ ᠳᠠᠪᠠᠯᠭ᠋ᠠᠯᠠᠨ ᠦᠷᠭᠦᠯᠵᠢᠯᠡᠭᠰᠡᠨ ᠡᠯᠡᠰᠦᠨ ᠴᠥᠯ ᠪᠠᠶ᠋ᠢᠵᠤ᠂ ᠥᠷᠥᠨ᠎ᠡ ᠳᠣᠷᠣᠨ᠎ᠠ ᠬᠥᠪᠡᠭᠡ᠎ᠪᠠᠷ᠎ᠨᠢ ᠲᠦᠮᠡ ᠭᠠᠷᠤᠢ ᠮᠦ᠍ ᠵᠢᠨ ᠪᠠᠶ᠋ᠢᠭ᠋ᠠᠯᠢ ᠵᠢᠨ ᠪᠡᠯᠴᠢᠭᠡᠷ᠎ᠲᠠᠢ᠃ ᠨᠠᠭᠤᠷ᠎ᠤᠨ ᠳᠤᠮᠳᠠ ᠣᠯᠠᠨ ᠠᠷᠪᠢᠨ ᠵᠢᠵᠢᠭ ᠠᠷᠠᠯ᠎ᠲᠠᠢ᠂ ᠬᠠᠮᠤᠭ ᠶᠡᠬᠡ᠎ᠨᠢ 150 ᠭᠠᠷᠤᠢ ᠮᠦ᠍ ᠪᠤᠢ᠃ ᠬᠠᠪᠤᠷ ᠨᠠᠮᠤᠷ ᠬᠣᠶᠠᠷ ᠤᠯᠠᠷᠢᠯ᠎ᠳᠤ᠂ ᠡᠯᠳᠡᠪ᠎ᠤᠨ ᠣᠯᠠᠨ ᠤᠰᠤᠨ᠎ᠤ ᠰᠢᠪᠠᠭᠤᠳ ᠨᠡᠭᠦᠳᠡᠯ᠎ᠤᠨ ᠵᠠᠮ᠎ᠳᠠᠭᠠᠨ ᠡᠨᠳᠡ ᠪᠠᠭᠤᠵᠤ ᠠᠮᠠᠷᠠᠳᠠᠭ᠃ ᠨᠡᠯᠦ᠎ᠶ᠋ᠢᠨ ᠦᠷᠭᠦᠯᠵᠢᠯᠡᠭᠰᠡᠨ ᠨᠠᠭᠤᠷ᠎ᠤᠨ ᠤᠰᠤᠨ᠎ᠳᠤ ᠨᠢᠰᠴᠦ ᠪᠠᠭᠤᠵᠤ ᠪᠠᠶ᠋ᠢᠭ᠎ᠠ ᠤᠰᠤᠨ᠎ᠤ ᠰᠢᠪᠠᠭᠤᠳ᠎ᠢ ᠬᠠᠷᠠᠵᠤ ᠰᠠᠭᠤᠬᠤ᠎ᠨᠢ ᠪᠠᠰᠠ ᠨᠢᠭᠡ ᠰᠠᠶ᠋ᠢᠬᠠᠨ ᠬᠠᠪᠤ ᠴᠡᠩᠭᠡᠯ ᠪᠠᠶ᠋ᠢᠭ᠎ᠠ ᠰᠢᠦ᠃ ᠬᠠᠰ ᠮᠡᠲᠦ ᠲᠤᠩᠭ᠋ᠠᠯᠠᠭ ᠮᠢᠷᠠᠯᠵᠠᠭ᠋ᠠᠨᠲᠠᠢ ᠣᠯᠣᠰᠣᠲᠤ ᠵᠢᠨ ᠨᠠᠭᠤᠷ᠎ᠲᠤ ᠬᠤᠯᠤᠰᠤ ᠵᠡᠭᠡᠰᠦ ᠵᠢᠪᠠᠷ᠎ᠤᠨ ᠠᠶ᠎ᠠ᠎ᠪᠠᠷ ᠳᠠᠪᠠᠯᠭ᠋ᠠᠯᠠᠵᠤ᠂ ᠶᠠᠭ ᠯᠠ ᠠᠯᠲᠠᠨ ᠰᠢᠷᠭ᠋ᠠᠯ ᠡᠯᠡᠰᠦᠨ᠎ᠤ ᠳᠤᠮᠳᠠ ᠲᠠᠪᠠᠭᠯᠠᠨ ᠲᠠᠯᠪᠢᠭᠰᠠᠨ ᠬᠠᠰᠤᠨ ᠬᠡᠮᠬᠡᠳᠡᠰᠦ ᠮᠡᠲᠦ ᠪᠠᠶ᠋ᠢᠵᠤ᠂ ᠠᠳᠤᠭᠤ ᠮᠠᠯ ᠤᠰᠤᠨ ᠰᠢᠪᠠᠭᠤᠳ᠎ᠤᠨ ᠠᠮᠢᠯᠠᠯ ᠡᠰᠡᠨᠢᠯ᠎ᠤᠨ ᠳ᠋ᠧᠪᠠᠵᠠᠨ ᠮᠡᠲᠦ ᠰᠠᠨᠠᠭᠳᠠᠳᠠᠭ᠃ ᠤᠨᠠᠬᠤ ᠨᠠᠷᠠᠨ᠎ᠤ ᠲᠤᠶᠠᠭ᠋ᠠᠨ᠎ᠳᠤ ᠨᠠᠭᠤᠷ᠎ᠤᠨ ᠤᠰᠤ ᠣᠨᠴᠠᠭ᠋ᠠᠢ ᠭᠣᠶ᠋ᠢᠳᠠ ᠬᠠᠷᠠᠭᠳᠠᠵᠤ᠂ ᠤᠮᠠᠷ᠎ᠠ ᠨᠤᠲᠤᠭ᠎ᠤᠨ ᠥᠪᠡᠷᠮᠢᠴᠡ ᠡᠴᠢᠨ᠎ᠡ ᠲᠥᠷᠥᠭᠳᠡᠯ᠎ᠢ ᠬᠥᠮᠥᠰ᠎ᠤᠨ ᠰᠡᠳᠬᠢᠯ᠎ᠳᠤ ᠡᠷᠬᠡ ᠦᠭᠡᠢ ᠤᠷᠭᠤᠭᠤᠯᠤᠨ᠎ᠠ᠃
ᠣᠯᠣᠰᠣᠲᠤ ᠵᠢᠨ ᠨᠠᠭᠤᠷ᠎ᠨᠢ ᠪᠠᠶ᠋ᠢᠭ᠋ᠠᠯᠢ ᠵᠢᠨ ᠦᠵᠡᠮᠵᠢ᠎ᠪᠠᠷ ᠭᠣᠣᠯ ᠴᠣᠭᠴᠠ ᠪᠣᠯᠭ᠋ᠠᠵᠤ᠂ ᠤᠰᠤᠨ ᠨᠤᠲᠤᠭ᠂ ᠭᠣᠪᠢ ᠡᠯᠡᠰᠦ᠂ ᠮᠣᠩᠭᠣᠯ ᠰᠣᠶᠣᠯ ᠲᠡᠦᠬᠡ ᠠᠷᠠᠨᠰᠢᠨ ᠳᠠᠳᠬᠠᠯ᠎ᠢ ᠨᠢᠭᠡᠳᠬᠡᠭᠰᠡᠨ ᠠᠮᠢ ᠠᠬᠤᠢ ᠵᠢᠨ ᠵᠤᠭ᠋ᠠᠴᠠᠯ᠎ᠤᠨ ᠣᠷᠣᠨ ᠪᠣᠯᠣᠨ᠎ᠠ᠃ 《ᠠᠯᠲᠠᠨ ᠰᠢᠷᠭ᠋ᠠᠯ ᠡᠯᠡᠰᠦ᠂ ᠨᠣᠮᠢᠨ ᠨᠣᠭᠣᠭ᠋ᠠᠨ ᠤᠰᠤ᠂ ᠳᠠᠪᠠᠯᠭ᠋ᠠᠯᠠᠨ ᠬᠠᠯᠢᠭᠤᠷᠠᠬᠤ ᠬᠤᠯᠤᠰᠤ ᠵᠡᠭᠡᠰᠦ᠂ ᠭᠠᠩᠭ᠋ᠠᠨᠠᠨ ᠨᠢᠰᠬᠦ ᠭᠠᠯᠠᠭᠤ ᠰᠢᠪᠠᠭᠤᠳ᠂ ᠢᠷᠠᠭ᠋ᠠᠯᠠᠨ ᠱᠤᠮᠪᠠᠬᠤ ᠵᠢᠭ᠋ᠠᠰᠤ ᠵᠢᠷᠠᠭ᠋ᠠᠬᠠᠢ᠂ ᠲᠠᠷᠢᠶᠠᠯᠠᠩ᠎ᠤᠨ ᠰᠣᠶᠣᠯ》 ᠵᠡᠷᠭᠡ ᠬᠡᠳᠥᠨ ᠶᠡᠬᠡ ᠦᠵᠡᠮᠵᠢ ᠵᠢ ᠣᠷᠭ᠋ᠠᠨᠢᠭ ᠵᠶ᠋ᠠᠷ ᠤᠶᠠᠯᠳᠤᠭᠤᠯᠵᠤ᠂ ᠥᠪᠡᠷᠮᠢᠴᠡ ᠣᠨᠴᠠᠯᠢᠭ ᠪᠦᠬᠦᠢ ᠭᠣᠶ᠋ᠢᠳᠠ ᠦᠵᠡᠮᠵᠢ ᠵᠢ ᠪᠦᠷᠢᠯᠳᠥᠭᠦᠯᠦᠭᠰᠡᠨ ᠪᠠᠶ᠋ᠢᠳᠠᠭ᠃
ᠤᠰᠤ᠄ ᠠᠯᠲᠠᠨ ᠬᠡᠭᠡᠰᠦᠲᠦ ᠮᠢᠷᠠᠯᠵᠠᠭ᠋ᠠᠨᠲᠠᠢ᠂ ᠠᠷ ᠲᠠᠲᠠᠭᠰᠠᠨ ᠦᠵᠡᠮᠵᠢ᠎ᠲᠠᠢ᠂ ᠲᠣᠯᠢ ᠬᠠᠰ ᠮᠡᠲᠦ ᠨᠠᠭᠤᠷ᠎ᠤᠨ ᠤᠰᠤᠨ᠂ ᠲᠣᠭᠣᠰᠣᠲᠤ ᠶᠢᠷᠲᠢᠨᠴᠦ ᠵᠢᠨ ᠲᠡᠦᠬᠡᠨ ᠬᠠᠷᠭᠤᠢ ᠵᠢ ᠴᠡᠪᠡᠷᠯᠡᠨᠡᠮ᠃
ᠬᠤᠯᠤᠰᠤ ᠵᠡᠭᠡᠰᠦ᠄ ᠠᠶᠠᠰ᠎ᠤᠨ ᠰᠠᠯᠬᠢᠨ᠎ᠳᠤ ᠳᠠᠪᠠᠯᠭ᠋ᠠᠯᠠᠨ ᠬᠠᠯᠢᠭᠤᠷᠠᠬᠤ᠂ ᠨᠣᠮᠢᠨ ᠬᠤᠯᠤᠰᠤᠨ᠎ᠤ ᠳᠤᠮᠳᠠᠭᠤᠷ ᠵᠠᠪᠢ᠎ᠪᠠᠷ ᠲᠤᠭᠤᠯᠬᠤᠶᠠ᠂ ᠪᠦᠳᠡᠭᠢ ᠶᠢᠷᠲᠢᠨᠴᠦ ᠵᠢᠨ ᠡᠷᠢᠶᠡᠨ ᠲᠣᠭᠣᠰᠣ᠂ ᠡᠪᠡᠰᠦᠨ᠎ᠤ ᠨᠠᠮᠠᠭ᠋ᠠᠨᠳᠤ ᠠᠷᠴᠢᠭᠳᠠᠨ ᠠᠷᠢᠯᠤᠨᠠᠮ᠃
ᠡᠯᠡᠰᠦ᠄ ᠬᠢᠵᠠᠭ᠋ᠠᠷ ᠦᠭᠡᠢ ᠳᠠᠪᠠᠯᠭ᠋ᠠᠯᠠᠨ ᠦᠷᠭᠦᠯᠵᠢᠯᠡᠬᠦ ᠪᠠᠯᠠᠷ ᠡᠯᠡᠰᠦ᠂ ᠠᠯᠤᠰ᠎ᠤᠨ ᠠᠯᠤᠰ᠎ᠲᠤ ᠳᠤᠤᠨᠢᠨ ᠳᠦᠭᠦᠨᠢᠬᠦ ᠠᠶᠠᠨ᠎ᠤ ᠲᠡᠮᠡᠭᠡᠳ᠎ᠤᠨ ᠬᠣᠩᠬᠣᠨ ᠳᠠᠭᠤᠨ᠂ ᠡᠨᠡ ᠪᠦᠬᠦᠨ᠎ᠨᠢ ᠠᠷᠤ ᠭᠠᠵᠠᠷ ᠮᠣᠩᠭᠣᠯ ᠨᠤᠲᠤᠭ᠎ᠤᠨ ᠲᠡᠦᠬᠡᠨ ᠤᠯᠪᠠᠭ᠎ᠠ ᠵᠢ ᠬᠦᠦᠷᠨᠢᠬᠦ ᠮᠡᠲᠦ᠃
ᠰᠢᠪᠠᠭᠤᠳ᠄ ᠡᠨᠡ ᠪᠣᠯ ᠨᠡᠭᠦᠳᠡᠯ᠎ᠤᠨ ᠰᠢᠪᠠᠭᠤᠳ᠎ᠤᠨ ᠴᠡᠩᠭᠡᠯ᠎ᠤᠨ ᠣᠷᠣᠨ᠂ ᠪᠣᠬᠢᠷ ᠮᠠᠨᠠᠨ ᠪᠤᠵᠠᠷ ᠰᠢᠭ᠋ᠠᠷᠤ᠎ᠠᠴᠠ ᠬᠣᠯᠠᠬᠠᠨ ᠪᠠᠶ᠋ᠢᠳᠠᠭ ᠮᠣᠩᠭᠣᠯ ᠨᠤᠲᠤᠭ᠎ᠤᠨ ᠴᠡᠩᠭᠡᠭ ᠰᠠᠯᠬᠢ᠎ᠪᠠᠷ ᠠᠮᠢᠰᠬᠤᠭᠰᠠᠨ ᠠᠷᠤ ᠭᠠᠵᠠᠷ᠎ᠤᠨ ᠬᠠᠰᠤᠨ ᠲᠠᠪᠠᠭ᠎ᠲᠤ ᠨᠡᠭᠦᠳᠡᠯ᠎ᠤᠨ ᠰᠢᠪᠠᠭᠤᠳ ᠭᠠᠩᠭ᠋ᠠᠷ ᠭᠤᠩᠭ᠋ᠠᠷ ᠳᠤᠤᠭ᠋ᠠᠷᠴᠤ᠂ ᠦᠷ᠎ᠡ ᠥᠨᠳᠡᠭᠡ᠎ᠪᠠᠨ ᠨᠡᠪᠴᠢᠭᠦᠯᠦᠨ ᠲᠥᠯᠵᠢᠭᠦᠯᠵᠦ᠂ ᠥᠪᠡᠷᠮᠢᠴᠡ ᠰᠠᠶ᠋ᠢᠬᠠᠨ ᠪᠠᠶ᠋ᠢᠭ᠋ᠠᠯᠢ ᠣᠷᠣᠰᠢᠯ᠎ᠤᠨ ᠦᠨᠡᠨ ᠵᠢᠷᠤᠭ᠎ᠢ ᠳᠡᠯᠭᠡᠵᠦ ᠪᠠᠶ᠋ᠢᠳᠠᠭ ᠰᠠᠨ᠃
ᠵᠢᠭ᠋ᠠᠰᠤ᠄ ᠬᠠᠲᠤᠨ ᠭᠣᠣᠯ᠎ᠤᠨ ᠵᠢᠭ᠋ᠠᠰᠤᠨ᠎ᠤ ᠭᠠᠷᠤᠯᠲᠠ᠎ᠪᠠᠷ ᠡᠯᠪᠡᠭ ᠪᠠᠶ᠋ᠢᠵᠤ᠂ ᠠᠷᠪᠠᠨ ᠬᠡᠳᠥᠨ ᠵᠢᠩ᠎ᠠᠴᠠ ᠵᠢᠷᠠ ᠳᠠᠯᠠᠨ ᠵᠢᠩ᠎ᠤᠨ ᠵᠢᠭ᠋ᠠᠰᠤ ᠬᠣᠯᠠ ᠣᠶ᠋ᠢᠷ᠎ᠠ ᠵᠢᠨ ᠵᠣᠴᠢᠳ᠎ᠤᠨ ᠠᠮᠲᠠᠲᠤ ᠵᠠᠭᠤᠰᠢ ᠪᠣᠯᠵᠤ ᠪᠠᠶ᠋ᠢᠳᠠᠭ᠃ ᠵᠢᠭ᠋ᠠᠰᠤ ᠵᠢᠷᠠᠭ᠋ᠠᠬᠠᠢ᠂ ᠤᠰᠤᠨ᠎ᠤ ᠰᠢᠪᠠᠭᠤᠳ᠂ ᠵᠠᠮᠠᠭ ᠡᠪᠡᠰᠦ ᠵᠡᠷᠭᠡ᠎ᠨᠢ ᠠᠮᠢ ᠠᠬᠤᠢ ᠵᠢᠨ ᠰᠢᠰᠲ᠋ᠧᠮ᠎ᠢ ᠪᠦᠷᠢᠯᠳᠥᠭᠦᠯᠵᠦ᠂ ᠪᠣᠬᠢᠷᠲᠤᠯ ᠦᠭᠡᠢ ᠪᠠᠶ᠋ᠢᠭ᠋ᠠᠯᠢᠯᠢᠭ ᠤᠰᠤᠨ ᠭᠠᠷᠤᠯᠲᠠ᠎ᠪᠠᠷ ᠵᠶ᠋ᠠᠨ ᠰᠠᠶ᠋ᠢᠬᠠᠨ ᠠᠯᠳᠠᠷ ᠵᠶ᠋ᠠᠨ ᠳᠠᠭᠤᠷᠢᠰᠤᠭᠤᠯᠵᠤ ᠪᠠᠶ᠋ᠢᠳᠠᠭ ᠰᠠᠨ᠃
ᠣᠯᠣᠰᠣᠲᠤ ᠵᠢᠨ ᠨᠠᠭᠤᠷ᠎ᠤᠨ ᠦᠵᠡᠮᠵᠢ ᠵᠢᠨ ᠣᠷᠣᠨ᠎ᠳᠤ ᠪᠠᠰᠠ ᠬᠠᠨ ᠤᠯᠤᠰ᠎ᠤᠨ ᠰᠣᠶᠣᠯ ᠵᠶ᠋ᠠᠨ ᠭᠣᠣᠯ ᠪᠣᠯᠭ᠋ᠠᠭᠰᠠᠨ ᠰᠡᠯᠡᠭᠦᠴᠡᠯ ᠵᠤᠭ᠋ᠠᠴᠠᠯ᠎ᠤᠨ ᠵᠡᠭᠡᠯᠢ᠂ ᠴᠡᠷᠢᠭ᠎ᠤᠨ ᠴᠠᠶ᠋ᠢᠵᠠ ᠪᠡᠬᠢᠯᠡᠯᠲᠡ᠂ ᠲᠠᠷᠢᠶᠠᠯᠠᠩ᠎ᠤᠨ ᠵᠢᠵᠢᠭ ᠪᠠᠯᠭ᠋ᠠᠰᠤ᠂ ᠲᠠᠷᠢᠶᠠᠯᠠᠩ᠎ᠤᠨ ᠰᠣᠶᠣᠯ᠎ᠤᠨ ᠮᠥᠽᠧᠢ᠂ ᠲᠠᠷᠢᠶᠠᠯᠠᠩ᠎ᠤᠨ ᠠᠵᠢᠯ᠎ᠢ ᠪᠡᠶᠡᠳᠡᠨ ᠣᠶ᠋ᠢᠯᠠᠭ᠋ᠠᠬᠤ ᠲᠣᠭᠣᠷᠢᠭ᠂ ᠲᠠᠷᠢᠶᠠᠯᠠᠩ᠎ᠤᠨ ᠤᠯᠠᠮᠵᠢᠯᠠᠯᠲᠤ ᠳᠤᠷᠠᠰᠬᠠᠯ᠎ᠤᠨ ᠡᠳᠥᠷ᠂ ᠲᠠᠬᠢᠯ ᠲᠠᠪᠢᠯᠭ᠎ᠠ ᠵᠢᠨ ᠦᠵᠡᠭᠦᠯᠭᠡ ᠵᠢᠨ ᠲᠠᠯᠠᠪᠠᠢ ᠪᠠ ᠲᠠᠷᠢᠶᠠᠯᠠᠩ᠎ᠤᠨ ᠦᠵᠡᠮᠵᠢ ᠵᠢᠨ ᠬᠦᠷᠢᠶᠡᠯᠡᠩ ᠵᠡᠷᠭᠡ᠎ᠲᠠᠢ᠂ ᠪᠠᠰᠠ ᠵᠣᠣ ᠵᠢᠶᠦ᠋ᠨ ᠰᠠᠷ᠎ᠠ ᠵᠢ ᠪᠠᠷᠠᠯᠠᠬᠤ ᠠᠷᠠᠯ᠂ ᠢᠨᠠᠭ᠎ᠤᠨ ᠠᠷᠠᠯ᠂ ᠬᠣᠪᠣᠷ ᠵᠢᠭᠦᠷᠲᠡᠨ᠎ᠤ ᠠᠷᠠᠯ᠂ ᠰᠢᠪᠠᠭᠤᠳ᠎ᠢ ᠰᠣᠨᠢᠷᠬᠠᠬᠤ ᠠᠷᠠᠯ ᠵᠡᠷᠭᠡ ᠣᠨᠴᠠᠯᠢᠭᠲᠤ ᠠᠷᠠᠯ᠎ᠲᠠᠢ ᠪᠠᠶ᠋ᠢᠳᠠᠭ᠃ ᠤᠰᠤᠨ ᠬᠤᠯᠤᠰᠤ ᠵᠢᠨ ᠳᠣᠲᠣᠷ᠎ᠠ ᠬᠥᠪᠦᠮᠡᠯ ᠣᠷᠣᠴᠠ᠎ᠲᠠᠢ᠂ ᠨᠣᠭᠣᠭ᠋ᠠᠨ ᠪᠦᠷᠢᠳᠦ᠎ᠳᠤ ᠪᠠᠰᠠ ᠮᠣᠩᠭᠣᠯ ᠭᠡᠷ᠎ᠲᠠᠢ ᠪᠠᠶ᠋ᠢᠳᠠᠭ᠃ ᠵᠤᠨ ᠪᠣᠯᠬᠤ᠎ᠲᠠᠢ ᠵᠡᠷᠭᠡ ᠯᠢᠩᠬᠤ᠎ᠠ ᠴᠡᠴᠡᠭᠡᠰ ᠪᠠᠳᠠᠷᠠᠨ ᠳᠡᠯᠭᠡᠷᠡᠵᠦ᠂ ᠦᠵᠡᠮᠵᠢᠲᠦ ᠰᠠᠶ᠋ᠢᠬᠠᠨ ᠯᠢᠩᠬᠤᠸᠠᠲᠤ ᠨᠠᠭᠤᠷ᠎ᠤᠨ ᠦᠵᠡᠮᠵᠢ ᠬᠤᠪᠢ ᠵᠢᠨ ᠭᠠᠳᠠᠨ᠎ᠠ ᠭᠣᠶᠣᠬᠠᠨ ᠬᠠᠷᠠᠭᠳᠠᠳᠠᠭ᠃ ᠦᠵᠡᠮᠵᠢ ᠵᠢᠨ ᠣᠷᠣᠨ᠎ᠳᠤ ᠪᠠᠰᠠ ᠣᠯᠠᠨ ᠰᠠᠶ᠋ᠢᠬᠠᠨ ᠤᠰᠤᠨ ᠳᠡᠭᠡᠷᠡᠬᠢ ᠲᠣᠭᠯᠠᠭ᠋ᠠᠮ᠎ᠤᠨ ᠲᠥᠷᠥᠯ ᠵᠦᠢ᠍ᠯ ᠪᠠᠶ᠋ᠢᠳᠠᠭ᠂ ᠵᠢᠱ᠌ᠢᠶᠡᠯᠡᠪᠡᠯ ᠮᠣᠲ᠋ᠣᠷᠲᠤ ᠵᠠᠪᠢ᠂ ᠳᠠᠪᠠᠯᠭ᠋ᠠᠨ ᠥᠭᠰᠥᠬᠦ᠂ ᠴᠢᠷᠭᠡᠦᠯ ᠰᠢᠬᠦᠷ᠂ ᠬᠠᠯᠠᠭᠤᠨ ᠬᠡᠢ ᠪᠥᠮᠪᠥᠭᠡ ᠵᠡᠷᠭᠡ ᠪᠠᠶ᠋ᠢᠵᠤ᠂ ᠥᠷᠭᠡᠨ ᠣᠯᠠᠨ ᠵᠤᠭ᠋ᠠᠴᠠᠭᠰᠠᠳ᠎ᠲᠤ ᠠᠪᠢᠶᠠᠰ ᠵᠣᠷᠢᠭ ᠵᠶ᠋ᠠᠨ ᠭᠠᠶ᠋ᠢᠬᠠᠭᠤᠯᠬᠤ ᠰᠠᠶ᠋ᠢᠬᠠᠨ ᠵᠠᠪᠰᠢᠶᠠᠨ ᠬᠠᠩᠭ᠋ᠠᠭᠰᠠᠨ ᠪᠠᠶ᠋ᠢᠳᠠᠭ᠃ ᠪᠠᠰᠠ ᠬᠠᠯᠠᠭᠤᠨ ᠬᠡᠢ ᠪᠥᠮᠪᠥᠭᠡ ᠵᠢᠨ ᠺᠯᠦ᠋ᠪ᠂ ᠵᠢᠯᠣᠭᠣᠳᠬᠤ ᠪᠣᠯᠪᠠᠰᠤᠷᠠᠯ᠎ᠤᠨ ᠲᠠᠯᠠᠪᠠᠢ ᠪᠠ ᠳᠠᠭᠤᠷᠢᠶᠠᠨ ᠪᠣᠯᠪᠠᠰᠤᠷᠠᠬᠤ ᠣᠷᠳᠣᠨ᠎ᠲᠠᠢ ᠪᠠᠶ᠋ᠢᠵᠤ᠂ ᠬᠠᠯᠠᠭᠤᠨ ᠬᠡᠢ ᠪᠥᠮᠪᠥᠭᠡ᠎ᠪᠠᠷ ᠦᠵᠡᠮᠵᠢ ᠵᠢᠨ ᠣᠷᠣᠨ᠎ᠢ ᠰᠣᠨᠢᠷᠬᠠᠬᠤ᠎ᠪᠠᠷ ᠳᠠᠮᠵᠢᠨ᠂ ᠵᠤᠭ᠋ᠠᠴᠠᠭᠰᠠᠳ᠎ᠲᠤ ᠡᠯᠡᠰᠦᠨ ᠴᠥᠯ᠎ᠤᠨ ᠨᠣᠭᠣᠭ᠋ᠠᠨ ᠪᠦᠷᠢᠳᠦ ᠵᠢᠨ ᠭᠠᠶ᠋ᠢᠬᠠᠮᠰᠢᠭᠲᠤ ᠦᠵᠡᠮᠵᠢ ᠵᠢ ᠣᠭᠲᠠᠷᠭᠤᠢ ᠳᠡᠭᠡᠷ᠎ᠡ᠎ᠠᠴᠠ ᠪᠠᠷᠠᠯᠠᠬᠤ ᠰᠠᠶ᠋ᠢᠬᠠᠨ ᠵᠠᠪᠰᠢᠶᠠᠨ ᠣᠯᠭᠣᠵᠠᠢ᠃ ᠲᠤᠰ ᠦᠵᠡᠮᠵᠢ ᠵᠢᠨ ᠣᠷᠣᠨ᠎ᠨᠢ ᠶᠡᠬᠡ ᠬᠣᠲᠠᠳ᠎ᠤᠨ ᠵᠤᠭ᠋ᠠᠴᠠᠭᠰᠠᠳ᠎ᠤᠨ ᠲᠣᠭᠣᠷᠢᠨ ᠵᠤᠭ᠋ᠠᠴᠠᠬᠤ ᠬᠣᠪᠣᠷ ᠭᠠᠵᠠᠷ ᠪᠣᠯᠬᠤ ᠪᠥᠭᠡᠳ᠂ ᠣᠶ᠋ᠢᠷ᠎ᠠ ᠬᠠᠪᠢ ᠵᠢᠨ ᠰᠠᠭᠤᠭ᠋ᠠᠯᠢ ᠠᠷᠠᠳ᠎ᠤᠨ ᠰᠡᠯᠡᠭᠦᠴᠡᠨ ᠲᠣᠭᠣᠷᠢᠬᠤ ᠰᠠᠶ᠋ᠢᠬᠠᠨ ᠣᠷᠣᠨ ᠪᠣᠯᠵᠤ ᠪᠠᠶ᠋ᠢᠳᠠᠭ᠃
ᠢᠷᠡᠯᠲᠡ᠄ ᠲᠤᠰ ᠰᠦᠯᠵᠢᠶ᠎ᠡ