ᠪᠠᠶᠠᠯᠢᠭ ᠨᠠᠭᠤᠷᠲᠣ ᠨᠣᠲᠤᠭ   -   ᠪᠠᠶᠠᠯᠢᠭ ᠨᠠᠭᠤᠷᠲᠣ ᠨᠣᠲᠤᠭ

ᠪᠣᠷᠣᠲᠣᠬᠣᠢ ᠣᠷᠣᠨ ᠬᠢᠭᠡᠳ ᠪᠣᠷᠣᠲᠣᠬᠣᠢ ᠵᠢᠨ ᠲᠠᠯ᠎ᠠ ᠭᠠᠵᠠᠷ

ᠨᠡᠶ᠋ᠢᠲᠡᠯᠡᠭᠰᠡᠨ ᠴᠠᠭ᠄   2021-11-25

      ᠪᠣᠷᠣᠲᠣᠬᠣᠢ ᠣᠷᠣᠨ᠎ᠨᠢ ᠤᠮᠠᠷᠠᠲᠤ ᠥᠷᠭᠡᠷᠢᠭ᠎ᠤᠨ 37 ᠭ᠋ᠷᠡᠳᠦ᠋ᠰ᠎ᠠᠴᠠ ᠤᠮᠠᠷᠠᠰᠢ ᠣᠷᠣᠰᠢᠵᠤ᠂ ᠢᠷᠭ᠋ᠠᠢ ᠵᠢᠨ ᠲᠠᠯ᠎ᠠ ᠭᠠᠵᠠᠷ᠂ ᠣᠷᠳᠣᠰ᠎ᠤᠨ ᠥᠨᠳᠥᠷᠯᠢᠭ᠂ ᠰᠢᠷ᠎ᠠ ᠰᠢᠷᠣᠶ᠋ᠢᠲᠤ ᠥᠨᠳᠥᠷᠯᠢᠭ᠎ᠤᠨ ᠬᠡᠰᠡᠭ ᠭᠠᠵᠠᠷ ᠣᠷᠣᠨ᠎ᠢ ᠬᠠᠮᠤᠷᠳᠠᠭ᠃ ᠬᠠᠲᠤᠨ ᠭᠣᠣᠯ᠎ᠨᠢ ᠠᠯᠠᠱ᠌ᠠ ᠠᠭᠤᠯᠠ ᠵᠢ᠎ᠲᠠᠭᠠᠨ ᠤᠮᠠᠷᠠᠰᠢᠯᠠᠵᠤ᠂ ᠳᠠᠬᠢᠨ ᠮᠤᠨᠠ ᠠᠭᠤᠯᠠ᠎ᠳᠤ ᠬᠠᠰᠢᠭᠳᠠᠨ ᠵᠡᠭᠦᠨᠰᠢᠯᠡᠵᠦ᠂ ᠳᠠᠬᠢᠭ᠋ᠠᠳ ᠯᠢᠦᠢ ᠯᠢᠶᠠᠩ ᠱᠠᠨ ᠠᠭᠤᠯᠠ ᠵᠢ᠎ᠲᠠᠭᠠᠨ ᠡᠮᠦᠨᠡᠰᠢᠯᠡᠵᠦ᠂ ᠲᠣᠬᠣᠢ ᠬᠡᠯᠪᠡᠷᠢ ᠵᠢ ᠪᠦᠷᠢᠯᠳᠥᠭᠦᠯᠵᠡᠢ᠃ ᠡᠶ᠋ᠢᠮᠦ᠎ᠠᠴᠠ ᠡᠨᠡ ᠬᠡᠰᠡᠭ ᠭᠠᠵᠠᠷ᠎ᠢ ᠪᠣᠷᠣᠲᠣᠬᠣᠢ ᠣᠷᠣᠨ ᠭᠡᠳᠡᠭ᠃
      ᠪᠣᠷᠣᠲᠣᠬᠣᠢ ᠵᠢᠨ ᠲᠠᠯ᠎ᠠ ᠭᠠᠵᠠᠷ᠎ᠢ ᠪᠠᠰᠠ ᠵᠡᠭᠦᠨ ᠪᠠ ᠪᠠᠷᠠᠭᠤᠨ ᠬᠡᠰᠡᠭ ᠭᠡᠵᠦ ᠬᠤᠪᠢᠶᠠᠳᠠᠭ᠃ ᠪᠠᠷᠠᠭᠤᠨ ᠪᠣᠷᠣᠲᠣᠬᠣᠢ᠎ᠨᠢ ᠴᠢᠩ ᠲᠦᠩ ᠰᠢᠶᠠ ᠬᠠᠪᠴᠢᠯ᠎ᠠᠴᠠ ᠨᠢᠩᠰᠢᠶᠠ ᠵᠢᠨ ᠱ᠌ᠢ ᠽᠦᠢ ᠱᠠᠨ᠎ᠤ ᠬᠣᠭᠣᠷᠣᠨᠳᠣᠬᠢ ᠢᠷᠭ᠋ᠠᠢ ᠵᠢᠨ ᠲᠦᠪᠰᠢᠨ ᠲᠠᠯ᠎ᠠ ᠪᠣᠯᠣᠨ᠎ᠠ᠃ ᠵᠡᠭᠦᠨ ᠪᠣᠷᠣᠲᠣᠬᠣᠢ ᠭᠡᠳᠡᠭ᠎ᠨᠢ ᠥᠪᠥᠷ ᠮᠣᠩᠭᠣᠯ᠎ᠤᠨ ᠬᠡᠰᠡᠭ ᠭᠠᠵᠠᠷ ᠣᠷᠣᠨ᠎ᠢ ᠵᠢᠭ᠋ᠠᠳᠠᠭ᠃ ᠵᠡᠭᠦᠨ ᠪᠣᠷᠣᠲᠣᠬᠣᠢ ᠵᠢ ᠬᠥᠮᠥᠰ ᠪᠠᠰᠠ ᠡᠮᠦᠨ᠎ᠡ ᠪᠣᠷᠣᠲᠣᠬᠣᠢ ᠪᠣᠯᠤᠨ ᠠᠷᠤ ᠪᠣᠷᠣᠲᠣᠬᠣᠢ ᠭᠡᠵᠦ ᠬᠤᠪᠢᠶᠠᠵᠠᠢ᠃ ᠡᠮᠦᠨ᠎ᠡ ᠪᠣᠷᠣᠲᠣᠬᠣᠢ ᠭᠡᠳᠡᠭ᠎ᠨᠢ ᠣᠷᠳᠣᠰ᠎ᠤᠨ ᠥᠨᠳᠥᠷᠯᠢᠭ᠎ᠢ ᠵᠢᠭ᠋ᠠᠵᠤ᠂ ᠠᠷᠤ ᠪᠣᠷᠣᠲᠣᠬᠣᠢ ᠭᠡᠳᠡᠭ᠎ᠨᠢ ᠪᠠᠶᠠᠨᠨᠠᠭᠤᠷ᠎ᠤᠨ ᠲᠦᠪᠰᠢᠨ ᠲᠠᠯ᠎ᠠ ᠵᠢ ᠵᠢᠭ᠋ᠠᠳᠠᠭ᠃ ᠡᠨᠡ ᠪᠣᠯ ᠳᠠᠷᠤᠢ 《ᠠᠷᠤ ᠲᠣᠬᠣᠢ》 ᠭᠡᠳᠡᠭ᠎ᠤᠨ ᠤᠴᠢᠷ ᠪᠣᠯᠣᠨ᠎ᠠ᠃

ᠢᠷᠡᠯᠲᠡ᠄ ᠲᠤᠰ ᠰᠦᠯᠵᠢᠶ᠎ᠡ