ᠬᠠᠨ᠎ᠤ ᠦᠶ᠎ᠡ ᠵᠢᠨ ᠵᠢᠢ ᠯᠦ᠍ ᠰᠠᠢ ᠪᠣᠭᠣᠮᠲᠠ᠄ ᠾᠦᠩᠨᠦ ᠰᠢᠶᠦ᠋ᠩᠨᠦ ᠵᠢᠨ ᠪᠠᠭ᠋ᠠᠲᠤᠷᠯᠢᠭ ᠬᠡᠶ᠋ᠢᠮᠣᠷᠢ ᠵᠢ ᠪᠠᠷᠠᠯᠠᠨ ᠵᠣᠭᠰᠣᠬᠤ ᠴᠠᠶ᠋ᠢᠵᠠ
ᠨᠡᠶ᠋ᠢᠲᠡᠯᠡᠭᠰᠡᠨ ᠴᠠᠭ᠄ 2021-11-25
ᠵᠢᠢ ᠯᠦ᠍ ᠰᠠᠢ ᠪᠣᠭᠣᠮᠲᠠ᠎ᠨᠢ ᠱᠠᠵᠢᠨᠲᠣᠬᠣᠢ ᠰᠤᠮᠤ ᠵᠢᠨ ᠬᠠᠷᠠᠭᠤᠨ᠎ᠠ ᠠᠭᠤᠯᠠ ᠵᠢᠨ ᠠᠮᠠᠨ᠎ᠳᠤ ᠪᠠᠶ᠋ᠢᠷᠢᠯᠠᠵᠤ᠂ ᠬᠠᠨ᠎ᠤ ᠦᠶ᠎ᠡ᠎ᠳᠤ ᠮᠤᠨᠠ ᠠᠭᠤᠯᠠ ᠵᠢ ᠨᠡᠪᠲᠡᠷᠡᠨ ᠭᠠᠷᠬᠤ ᠴᠢᠬᠤᠯᠠ ᠴᠠᠶ᠋ᠢᠵᠠ ᠪᠡᠬᠢᠯᠡᠯᠲᠡ ᠪᠣᠯᠵᠤ ᠪᠠᠶ᠋ᠢᠵᠠᠢ᠃ ᠪᠠᠷᠠᠭᠤᠨ ᠬᠠᠨ ᠤᠯᠤᠰ᠎ᠤᠨ ᠦᠶᠡᠰ᠂ ᠲᠤᠰ ᠪᠣᠭᠣᠮᠲᠠ᠎ᠨᠢ ᠳᠣᠲᠣᠷ ᠣᠷᠣᠨ ᠪᠣᠯᠤᠨ ᠾᠦᠩᠨᠦ ᠤᠯᠤᠰ᠎ᠤᠨ ᠤᠯᠤᠰ ᠲᠥᠷᠥ ᠵᠢᠨ ᠶᠠᠪᠤᠯᠴᠠᠭ᠋ᠠᠨ᠎ᠤ ᠴᠢᠬᠤᠯᠠ ᠨᠡᠪᠲᠡᠷᠡᠬᠦ ᠪᠣᠭᠣᠮᠲᠠ ᠪᠣᠯᠵᠤ ᠪᠠᠶ᠋ᠢᠭᠰᠠᠨ ᠪᠥᠭᠡᠳ᠂ ᠮᠠᠨ᠎ᠤ ᠤᠯᠤᠰ᠎ᠤᠨ ᠬᠠᠮᠤᠭ ᠡᠷᠲᠡᠨ᠎ᠤ ᠬᠠᠯᠬᠠᠭ᠎ᠠ ᠪᠣᠭᠣᠮᠲᠠ ᠵᠢᠨ ᠵᠠᠭᠪᠤᠷ ᠪᠣᠯᠵᠤ ᠪᠠᠶ᠋ᠢᠳᠠᠭ᠃ ᠲᠡᠦᠬᠡᠨ ᠲᠡᠮᠳᠡᠭᠯᠡᠯ᠎ᠢ ᠦᠨᠳᠥᠰᠦᠯᠡᠪᠡᠯ᠂ ᠨᠡᠶ᠋ᠢᠲᠡ ᠵᠢᠨ ᠣᠨ ᠲᠣᠭ᠋ᠠᠯᠠᠯ᠎ᠠᠴᠠ ᠡᠮᠦᠨ᠎ᠡ ᠬᠣᠶᠠᠳᠤᠭ᠋ᠠᠷ ᠵᠠᠭᠤᠨ᠎ᠤ ᠦᠶᠡᠰ᠂ ᠸᠧᠢ ᠴᠢᠩ ᠵᠠᠩᠵᠤᠨ ᠤᠮᠠᠷᠠᠰᠢ ᠾᠦᠩᠨᠦ ᠤᠯᠤᠰ᠎ᠢ ᠳᠠᠶ᠋ᠢᠯᠠᠵᠤ᠂ ᠡᠨᠳᠡ ᠴᠡᠷᠢᠭ ᠰᠠᠭᠤᠯᠭ᠋ᠠᠨ ᠪᠡᠬᠢᠯᠡᠨ ᠰᠠᠬᠢᠵᠤ ᠪᠠᠶ᠋ᠢᠵᠠᠢ᠃ ᠡᠨᠡ ᠬᠦ᠌ ᠴᠢᠯᠠᠭᠤᠨ ᠪᠣᠭᠣᠮᠲᠠ᠎ᠨᠢ ᠳᠥᠷᠪᠡᠯᠵᠢᠨ ᠬᠡᠯᠪᠡᠷᠢ᠎ᠲᠠᠢ ᠪᠠᠶ᠋ᠢᠵᠤ᠂ ᠴᠢᠯᠠᠭᠤ᠂ ᠰᠢᠷᠣᠢ᠎ᠪᠠᠷ ᠥᠷᠥᠵᠦ ᠪᠦᠲᠦᠭᠡᠵᠡᠢ᠃ ᠲᠠᠯ᠎ᠠ ᠵᠢᠨ ᠤᠷᠲᠤ᠎ᠨᠢ 58.5 ᠮᠧᠲᠷ᠂ 4692.25 ᠲᠡᠭᠰᠢ ᠳᠥᠷᠪᠡᠯᠵᠢᠨ ᠮᠧᠲᠷ ᠭᠠᠵᠠᠷ ᠡᠵᠡᠯᠡᠵᠦ᠂ ᠡᠪᠳᠡᠷᠬᠡᠢ ᠬᠡᠷᠡᠮ᠎ᠤᠨ ᠥᠨᠳᠥᠷ᠎ᠨᠢ ᠪᠠᠷᠤᠭ 8 ᠮᠧᠲᠷ ᠪᠤᠢ᠃ ᠬᠦᠷᠢᠶᠡᠨ᠎ᠤ ᠳᠥᠷᠪᠡᠨ ᠥᠨᠴᠥᠭ᠎ᠲᠤ ᠪᠦᠷ ᠪᠡᠬᠢᠯᠡᠯᠲᠡ ᠬᠡᠷᠡᠮ᠎ᠲᠠᠢ ᠪᠠᠶ᠋ᠢᠵᠤ᠂ ᠡᠭᠦᠳᠡ᠎ᠨᠢ ᠡᠮᠦᠨᠡᠰᠢ ᠬᠠᠨᠳᠤᠵᠤ ᠪᠠᠶ᠋ᠢᠳᠠᠭ᠃ ᠡᠨᠡ ᠬᠦ᠌ ᠪᠣᠭᠣᠮᠲᠠ᠎ᠨᠢ 《ᠨᠢᠭᠡᠨ ᠡᠷ᠎ᠡ ᠰᠠᠬᠢᠪᠠᠰᠤ ᠲᠦᠮᠡᠨ ᠴᠡᠷᠢᠭ ᠲᠤᠭᠤᠯᠬᠤᠶᠠ ᠪᠡᠷᠬᠡ》 ᠪᠠᠶ᠋ᠢᠳᠠᠯ᠎ᠲᠠᠢ ᠪᠠᠶ᠋ᠢᠵᠤ᠂ ᠶᠡᠬᠡ ᠰᠦᠷᠯᠢᠭ ᠪᠠᠶ᠋ᠢᠳᠠᠭ᠃ 《ᠬᠠᠨ᠎ᠤ ᠪᠢᠴᠢᠭ · ᠾᠦᠩᠨᠦ ᠵᠢᠨ ᠨᠠᠮᠲᠠᠷ》᠎ᠲᠠᠬᠢ ᠲᠡᠮᠳᠡᠭᠯᠡᠯ᠎ᠢ ᠦᠨᠳᠥᠰᠦᠯᠡᠪᠡᠯ᠂ ᠨᠡᠶ᠋ᠢᠲᠡ ᠵᠢᠨ ᠣᠨ ᠲᠣᠭ᠋ᠠᠯᠠᠯ᠎ᠠᠴᠠ ᠡᠮᠦᠨ᠎ᠡ 33 ᠣᠨ᠎ᠳᠤ᠂ ᠬᠤᠬᠠᠨ ᠴᠠᠨ ᠢᠦᠢ ᠴᠠᠩ ᠠᠨ᠎ᠳᠤ ᠬᠦᠷᠴᠦ ᠨᠠᠶ᠋ᠢᠷᠠᠮᠳᠠᠬᠤ ᠵᠢ ᠬᠦᠰᠡᠭᠰᠡᠨ᠎ᠳᠤ᠂ ᠬᠠᠨ ᠶᠤᠸᠠᠨ ᠳ᠋ᠢ ᠬᠠᠭ᠋ᠠᠨ ᠵᠣᠣ ᠵᠢᠶᠦ᠋ᠨ᠎ᠢ ᠪᠡᠷᠢ ᠪᠣᠯᠭ᠋ᠠᠨ ᠬᠦᠷᠭᠡᠵᠡᠢ᠃ ᠲᠡᠳᠡ ᠲᠤᠰ ᠵᠢᠯ᠎ᠳᠡᠭᠡᠨ ᠤᠮᠠᠷᠠᠰᠢ ᠪᠤᠴᠠᠬᠤ ᠦᠶᠡᠰ ᠵᠢᠢ ᠯᠦ᠍ ᠰᠠᠢ ᠪᠣᠭᠣᠮᠲᠠ᠎ᠪᠠᠷ ᠥᠩᠭᠡᠷᠡᠵᠦ᠂ ᠡᠨᠳᠡ ᠬᠣᠶᠠᠷ ᠵᠢᠯ ᠰᠠᠭᠤᠵᠠᠢ᠃
ᠢᠷᠡᠯᠲᠡ᠄ ᠲᠤᠰ ᠰᠦᠯᠵᠢᠶ᠎ᠡ