《ᠰᠠᠨ ᠱᠧᠩ ᠭᠦᠩ》 ᠭᠡᠰᠡᠨ ᠨᠡᠷ᠎ᠡ ᠵᠢᠨ ᠢᠷᠡᠯᠲᠡ
ᠨᠡᠶ᠋ᠢᠲᠡᠯᠡᠭᠰᠡᠨ ᠴᠠᠭ᠄ 2021-11-25
ᠰᠠᠨ ᠱᠧᠩ ᠭᠦᠩ ᠭᠡᠰᠡᠨ ᠨᠡᠷ᠎ᠡ ᠵᠢᠨ ᠲᠤᠬᠠᠢ ᠪᠠᠰᠠ ᠨᠢᠭᠡ ᠤᠯᠠᠮᠵᠢᠯᠠᠯ ᠶᠠᠷᠢᠶ᠎ᠠ ᠪᠠᠶ᠋ᠢᠳᠠᠭ᠃ 《ᠰᠠᠨ ᠱᠧᠩ ᠭᠦᠩ》 ᠭᠡᠰᠡᠨ ᠭᠠᠵᠠᠷ᠎ᠤᠨ ᠨᠡᠷ᠎ᠡ ᠨᠢᠭᠡᠨᠲᠡ ᠵᠠᠭᠤ ᠭᠠᠷᠤᠢ ᠵᠢᠯ᠎ᠤᠨ ᠲᠡᠦᠬᠡ᠎ᠲᠠᠢ ᠪᠣᠯᠵᠠᠢ᠃ ᠲᠦᠷᠦᠭᠦᠦ ᠬᠡᠳᠥᠨ ᠵᠢᠯ ᠬᠠᠯᠠᠮᠰᠢᠯ ᠪᠣᠯᠵᠤ ᠪᠠᠶ᠋ᠢᠭᠰᠠᠨ 《ᠴᠢᠶᠣᠣ ᠣᠪᠣᠭᠲᠤ ᠵᠢᠨ ᠶᠡᠬᠡ ᠭᠡᠷ》᠎ᠲᠠᠢ ᠬᠣᠯᠪᠣᠭ᠎ᠠ᠎ᠲᠠᠢ ᠪᠠᠶ᠋ᠢᠳᠠᠭ᠃ ᠲᠩᠷᠢ ᠲᠡᠳᠬᠦᠭᠴᠢ ᠵᠢᠨ ᠡᠬᠢᠨ᠎ᠤ ᠣᠨ᠎ᠳᠤ᠂ ᠱᠠᠨ ᠰᠢ ᠵᠢᠨ ᠬᠤᠳᠠᠯᠳᠤᠭ᠋ᠠᠴᠢᠨ᠎ᠤ ᠲᠥᠯᠥᠭᠡᠯᠡᠬᠦ ᠬᠥᠮᠥᠨ ᠪᠣᠯᠬᠤ ᠴᠢᠶᠣᠣ ᠭᠦᠢ ᠹᠠ ᠠᠮᠢᠳᠤᠷᠠᠬᠤ ᠵᠢᠨ ᠲᠥᠯᠥᠭᠡ ᠪᠠᠷᠠᠭᠤᠨᠰᠢ ᠪᠣᠭᠣᠮᠲᠠ᠎ᠪᠠᠷ ᠭᠠᠷᠴᠤ᠂ ᠪᠤᠭᠤᠲᠤ ᠵᠢᠨ ᠨᠢᠭᠡ ᠳᠠᠨᠵᠢ ᠵᠢᠨ ᠫᠦᠰᠡ᠎ᠳᠤ ᠵᠠᠷᠤᠴᠠ ᠪᠣᠯᠵᠤ ᠪᠠᠶ᠋ᠢᠵᠠᠢ᠃ ᠠᠷᠪᠠᠨ ᠬᠡᠳᠥᠨ ᠵᠢᠯ᠎ᠤᠨ ᠳᠠᠷᠠᠭ᠎ᠠ᠂ ᠴᠢᠶᠣᠣ ᠭᠦᠢ ᠹᠠ ᠪᠣᠯᠤᠨ ᠴᠢᠨ ᠣᠪᠣᠭᠲᠤ ᠨᠤᠲᠤᠭ᠎ᠤᠨ ᠬᠥᠮᠥᠨ ᠭᠤᠸᠠᠩ ᠱᠧᠩ ᠭᠦᠩ ᠳᠡᠯᠭᠡᠭᠦᠷ᠎ᠢ ᠨᠡᠭᠡᠭᠡᠵᠡᠢ᠃ ᠰᠡᠭᠦᠯᠡᠷ᠎ᠨᠢ ᠡᠨᠡ ᠳᠡᠯᠭᠡᠭᠦᠷ ᠵᠶ᠋ᠠᠨ ᠹᠦ᠋ ᠱᠧᠩ ᠭᠦᠩ ᠪᠣᠯᠭ᠋ᠠᠵᠠᠢ᠃ ᠴᠢᠶᠣᠣ ᡁᠢ ᠶᠦᠩ ᠴᠢᠶᠣᠣ ᠣᠪᠣᠭᠲᠤ ᠵᠢᠨ ᠬᠣᠶᠠᠳᠠᠬᠢ ᠭᠡᠷ᠎ᠤᠨ ᠡᠵᠡᠨ ᠪᠣᠯᠬᠤ ᠦᠶᠡᠰ᠂ ᠹᠦ᠋ ᠱᠧᠩ ᠭᠦᠩ ᠳᠡᠯᠭᠡᠭᠦᠷ᠎ᠨᠢ ᠨᠢᠭᠡᠨᠲᠡ ᠪᠤᠭᠤᠲᠤ ᠵᠢᠨ ᠨᠢᠭᠡᠳᠥᠭᠡᠷ ᠲᠣᠮᠣ ᠬᠤᠳᠠᠯᠳᠤᠭ᠋ᠠᠨ᠎ᠤ ᠳᠡᠯᠭᠡᠭᠦᠷ ᠪᠣᠯᠵᠤ᠂ ᠪᠦᠬᠦᠶ᠋ᠢᠯᠡ ᠪᠤᠭᠤᠲᠤ ᠵᠢᠨ ᠵᠠᠬ᠎ᠠ ᠳᠡᠯᠭᠡᠭᠦᠷ᠎ᠢ ᠡᠵᠡᠮᠰᠢᠬᠦ᠎ᠳᠤ ᠬᠦᠷᠴᠡᠢ᠃ ᠪᠣᠷᠣᠲᠣᠬᠣᠢ ᠣᠷᠣᠨ᠎ᠨᠢ ᠪᠤᠭᠤᠲᠤ᠎ᠲᠠᠢ ᠵᠠᠬ᠎ᠠ ᠨᠡᠶ᠋ᠢᠯᠡᠵᠦ ᠪᠠᠶ᠋ᠢᠳᠠᠭ ᠪᠥᠭᠡᠳ ᠲᠠᠷᠢᠶᠠᠯᠠᠩ ᠬᠥᠭᠵᠢᠩᠭᠦᠢ ᠪᠠᠶ᠋ᠢᠭᠰᠠᠨ ᠲᠤᠯᠠ ᠴᠢᠶᠣᠣ ᡁᠢ ᠶᠦᠩ ᠪᠣᠷᠣᠲᠣᠬᠣᠢ ᠣᠷᠣᠨ᠎ᠳᠤ ᠰᠠᠯᠪᠤᠷᠢ ᠳᠡᠯᠭᠡᠭᠦᠷ ᠭᠠᠷᠭ᠋ᠠᠬᠤ ᠪᠣᠳᠣᠯ ᠣᠷᠣᠵᠠᠢ᠃ ᠰᠠᠨ ᠱᠧᠩ ᠭᠦᠩ ᠪᠣᠯ ᠳᠠᠷᠤᠢ ᠴᠢᠶᠣᠣ ᠣᠪᠣᠭᠲᠤ ᠵᠢᠨ᠎ᠬᠢᠨ᠎ᠤ ᠠᠯᠠᠱ᠌ᠠ ᠬᠣᠱ᠌ᠤᠳ ᠴᠢᠨ ᠸᠠᠩ᠎ᠤᠨ ᠬᠠᠷᠢᠶᠠᠨ᠎ᠳᠠᠬᠢ ᠰᠠᠨ ᠳ᠋ᠣᠣ ᠾᠧ (ᠥᠨᠥ ᠵᠢᠨ ᠳ᠋ᠧᠩᠺᠧᠦ ᠰᠢᠶᠠᠨ)᠎ᠳᠤ ᠪᠠᠶ᠋ᠢᠭᠤᠯᠤᠭᠰᠠᠨ ᠰᠠᠯᠪᠤᠷᠢ ᠪᠠᠶ᠋ᠢᠵᠤ᠂ ᠲᠣᠰᠣ ᠰᠢᠬᠠᠬᠤ ᠦᠢ᠍ᠯᠡᠳᠬᠡᠯ᠎ᠤᠨ ᠭᠠᠵᠠᠷ ᠪᠠᠶ᠋ᠢᠵᠠᠢ᠃ ᠰᠠᠨ ᠭᠡᠳᠡᠭ᠎ᠨᠢ ᠰᠠᠨ ᠳ᠋ᠣᠣ ᠾᠧ ᠵᠢᠨ ᠲᠦᠷᠦᠭᠦᠦ ᠦᠰᠦᠭ ᠪᠠᠶ᠋ᠢᠵᠤ᠂ ᠱᠧᠩ ᠭᠦᠩ ᠭᠡᠳᠡᠭ᠎ᠨᠢ ᠭᠣᠣᠯᠴᠢ ᠲᠡᠭᠰᠢ᠎ᠪᠠᠷ ᠠᠷᠠᠯᠵᠢᠶᠠᠯᠠᠵᠤ᠂ ᠬᠠᠮᠲᠤ᠎ᠪᠠᠷ ᠪᠠᠶᠠᠵᠢᠬᠤ ᠭᠡᠰᠡᠨ ᠦᠭᠡ ᠪᠣᠯᠣᠨ᠎ᠠ᠃ ᠲᠤᠰ ᠦᠢ᠍ᠯᠡᠳᠬᠡᠯ᠎ᠤᠨ ᠭᠠᠵᠠᠷ᠎ᠤᠨ ᠵᠠᠩᠭᠤᠶ᠋ᠢᠳᠠᠨᠢ ᠶᠤᠸᠠᠨ ᠣᠪᠣᠭᠲᠠᠢ ᠪᠠᠶ᠋ᠢᠵᠠᠢ᠃ 1875 ᠣᠨ᠎ᠳᠤ ᠪᠧᠯᠬᠢ ᠵᠢᠨ ᠱᠠᠰᠢᠨ ᠳᠡᠯᠭᠡᠷᠡᠭᠦᠯᠦᠭᠴᠢ ᠠᠯᠠᠱ᠌ᠠ ᠴᠢᠨ ᠸᠠᠩ᠎ᠤᠨ ᠵᠥᠪᠰᠢᠶᠡᠷᠡᠯ ᠵᠶ᠋ᠠᠷ ᠬᠠᠷᠢᠶ᠎ᠠ ᠣᠷᠣᠨ᠎ᠳᠤᠨᠢ ᠱᠠᠰᠢᠨ ᠳᠡᠯᠭᠡᠷᠡᠭᠦᠯᠵᠦ ᠡᠬᠢᠯᠡᠵᠡᠢ᠂ ᠲᠡᠭᠡᠭᠡᠳ ᠲᠡᠷᠡ 《ᠰᠠᠨ ᠱᠧᠩ ᠭᠦᠩ》 ᠲᠣᠰᠣ ᠰᠢᠬᠠᠬᠤ ᠦᠢ᠍ᠯᠡᠳᠬᠡᠯ᠎ᠤᠨ ᠭᠠᠵᠠᠷ᠎ᠤᠨ ᠬᠡᠰᠡᠭ ᠭᠡᠷ ᠪᠠᠶ᠋ᠢᠰᠢᠩ᠎ᠢ ᠬᠤᠳᠠᠯᠳᠤᠨ ᠠᠪᠴᠠᠢ᠃ ᠰᠡᠭᠦᠯᠡᠷ᠎ᠨᠢ 《ᠰᠠᠨ ᠱᠧᠩ ᠭᠦᠩ》 ᠳᠡᠯᠭᠡᠭᠦᠷ ᠠᠭ᠋ᠠᠵᠢᠮ ᠵᠶ᠋ᠠᠷ ᠳᠣᠷᠣᠶ᠋ᠢᠲᠠᠵᠠᠢ᠂ ᠬᠠᠷᠢᠨ ᠲᠡᠭᠦᠨ᠎ᠤ ᠰᠠᠭᠤᠷᠢᠨ ᠳᠡᠭᠡᠷ᠎ᠡ ᠪᠠᠶ᠋ᠢᠭᠤᠯᠤᠭᠳᠠᠭᠰᠠᠨ 《ᠰᠠᠨ ᠱᠧᠩ ᠭᠦᠩ》 ᠺᠠᠲ᠋ᠣᠯᠢᠭ ᠱᠠᠰᠢᠨ᠎ᠤ ᠰᠦᠮ᠎ᠡ᠎ᠨᠢ ᠬᠠᠷᠢᠨ ᠪᠠᠷᠠᠭᠤᠨ ᠡᠮᠦᠨᠡᠲᠦ ᠮᠣᠩᠭᠣᠯ ᠣᠷᠣᠨ᠎ᠤ ᠭᠣᠣᠯ ᠰᠦᠮ᠎ᠡ ᠪᠣᠯᠵᠠᠢ᠃ ᠬᠥᠮᠥᠨ᠎ᠤ ᠨᠡᠮᠡᠭᠳᠡᠯ ᠪᠠ ᠱᠠᠰᠢᠨ᠎ᠤ ᠡᠪᠯᠡᠯ᠎ᠤᠨ ᠨᠥᠯᠥᠭᠡ ᠴᠢᠩᠭ᠋ᠠᠷᠠᠬᠤ ᠵᠢ ᠳᠠᠭ᠋ᠠᠯᠳᠤᠨ 《ᠰᠠᠨ ᠱᠧᠩ ᠭᠦᠩ》 ᠭᠡᠰᠡᠨ ᠨᠡᠷ᠎ᠡ ᠬᠣᠯᠠ ᠣᠶ᠋ᠢᠷ᠎ᠠ᠎ᠳᠤ ᠠᠯᠳᠠᠷᠰᠢᠵᠤ᠂ ᠤᠤᠯ᠎ᠤᠨ 《ᠰᠠᠨ ᠳ᠋ᠣᠣ ᠾᠧ》 ᠭᠡᠰᠡᠨ ᠨᠡᠷ᠎ᠡ ᠬᠠᠷᠢᠨ ᠠᠭ᠋ᠠᠵᠢᠮ ᠵᠶ᠋ᠠᠷ ᠮᠠᠷᠲᠠᠭᠳᠠᠵᠠᠢ᠃ 1958 ᠣᠨ᠎ᠳᠤ ᠪᠠᠶᠠᠨᠨᠠᠭᠤᠷ ᠠᠶ᠋ᠢᠮᠠᠭ᠎ᠤᠨ ᠨᠠᠮ ᠵᠠᠰᠠᠭ ᠰᠠᠨ ᠱᠧᠩ ᠭᠦᠩ᠎ᠳᠤ ᠨᠡᠭᠦᠵᠦ ᠢᠷᠡᠬᠦ ᠵᠢᠨ ᠬᠠᠮᠲᠤ ᠰᠢᠨ᠎ᠡ ᠲᠣᠭᠣᠷᠢᠭ ᠪᠠᠶ᠋ᠢᠭᠤᠯᠵᠤ᠂ ᠺᠠᠲ᠋ᠣᠯᠢᠭ ᠱᠠᠰᠢᠨ᠎ᠤ ᠰᠦᠮ᠎ᠡ ᠵᠢᠨ ᠬᠠᠪᠢ ᠭᠠᠵᠠᠷ᠎ᠢ ᠬᠠᠭᠣᠴᠢᠨ ᠲᠣᠭᠣᠷᠢᠭ ᠪᠣᠯᠭ᠋ᠠᠵᠠᠢ᠃ ᠰᠢᠨ᠎ᠡ ᠲᠣᠭᠣᠷᠢᠭ᠎ᠢ 《ᠪᠠᠶᠠᠨᠭᠣᠣᠯ》 ᠬᠡᠮᠡᠵᠦ᠂ 《ᠪᠠᠶᠠᠨ ᠲᠠᠩᠰᠤᠭ ᠭᠣᠣᠯ》 ᠭᠡᠰᠡᠨ ᠤᠳᠬ᠎ᠠ᠎ᠲᠠᠢ ᠶᠤᠮ᠃
ᠢᠷᠡᠯᠲᠡ᠄ ᠲᠤᠰ ᠰᠦᠯᠵᠢᠶ᠎ᠡ