ᠰᠡᠳᠬᠢᠯᠢ ᠬᠣᠯᠪᠣᠬᠤ ᠣᠨᠢᠰᠤ
ᠨᠡᠶ᠋ᠢᠲᠡᠯᠡᠭᠰᠡᠨ ᠴᠠᠭ᠄ 2021-11-25
《ᠲᠩᠷᠢ ᠵᠢᠨ ᠳᠣᠣᠷᠠᠬᠢ ᠨᠢᠭᠡᠳᠥᠭᠡᠷ ᠲᠣᠮᠣ ᠣᠨᠢᠰᠤ》 ᠬᠡᠮᠡᠭᠳᠡᠭᠰᠡᠨ ᠰᠡᠳᠬᠢᠯᠢ ᠬᠣᠯᠪᠣᠬᠤ ᠣᠨᠢᠰᠤ ᠪᠣᠯ ᠬᠦᠢ᠍ᠰᠦ ᠪᠠᠷᠢᠯᠭᠠ ᠵᠢ ᠪᠡᠬᠢᠯᠡᠨ ᠵᠠᠰᠠᠬᠤ ᠦᠶᠡᠰ ᠰᠣᠯᠢᠵᠤ ᠭᠠᠷᠭ᠋ᠠᠭᠰᠠᠨ 6 ᠲᠣᠮᠣ ᠬᠠᠭ᠋ᠠᠯᠲᠠ ᠵᠢᠨ ᠤᠤᠯ ᠬᠡᠯᠪᠡᠷᠢ ᠵᠢ ᠬᠤᠪᠢᠷᠠᠭ᠋ᠠᠯ ᠦᠭᠡᠢᠪᠠᠷ ᠪᠠᠶ᠋ᠢᠭᠤᠯᠤᠭᠰᠠᠨ ᠲᠣᠮᠣ ᠬᠡᠯᠪᠡᠷᠢ ᠵᠢᠨ ᠱᠤᠭᠤᠮᠠᠯ ᠪᠣᠯᠬᠤ ᠶᠤᠮ᠃ ᠲᠤᠰ ᠱᠤᠭᠤᠮᠠᠯᠤᠨ ᠶᠡᠷᠦᠩᠬᠡᠢ ᠬᠦᠨᠳᠦᠨᠢ 240 ᠲᠣᠨ ᠪᠠᠶ᠋ᠢᠵᠤ᠂ ᠥᠨᠳᠥᠷᠨᠢ 27 ᠮᠧᠲᠷ ᠪᠠᠶ᠋ᠢᠳᠠᠭ᠃ ᠭᠤᠷᠪᠠᠨ ᠣᠨᠢᠰᠤ ᠵᠢ ᠲᠤᠰ ᠲᠤᠰ 《ᠶᠦᠩ ᠴᠠᠩ》᠂ 《ᠶᠦᠩ ᠭᠦ᠋》᠂ 《ᠶᠦᠩ ᠾᠧᠩ》 ᠭᠡᠵᠦ ᠨᠡᠷᠡᠯᠡᠵᠡᠢ᠃ ᠡᠨᠡᠨᠢ ᠳᠠᠷᠤᠢ ᠡᠭᠦᠷᠢᠳᠡ ᠨᠢᠭᠡ ᠰᠡᠳᠬᠢᠯᠲᠠᠢ᠂ ᠠᠵᠢᠯ ᠦᠢ᠍ᠯᠡᠰ ᠥᠨᠢᠳᠡ ᠪᠠᠳᠠᠷᠠᠵᠤ᠂ ᠢᠨᠠᠭ ᠬᠠᠶ᠋ᠢᠷᠠ ᠥᠨᠢᠳᠡ ᠮᠥᠩᠬᠡᠷᠡᠵᠦ᠂ ᠤᠷᠤᠭ ᠬᠤᠷᠢᠮ ᠢᠮᠠᠭᠲᠠ ᠪᠠᠲᠤ᠂ ᠬᠠᠲᠤᠨ ᠭᠣᠣᠯ ᠵᠢᠴᠢ ᠤᠰᠤᠨ ᠠᠰᠢᠭᠯᠠᠯᠲᠠ ᠵᠢᠨ ᠪᠠᠷᠢᠯᠭᠠ ᠥᠨᠢᠳᠡ ᠪᠠᠲᠤ ᠪᠠᠶ᠋ᠢᠬᠤ ᠵᠢ ᠪᠡᠯᠭᠡᠳᠡᠵᠡᠢ; ᠥᠨᠢᠳᠡ ᠤᠷᠤᠰᠬᠤ ᠡᠬᠡ ᠭᠣᠣᠯ ᠵᠶ᠋ᠠᠷ ᠪᠠᠲᠤᠯᠠᠭᠠ ᠪᠣᠯᠭ᠋ᠠᠵᠤ᠂ ᠡᠬᠡ ᠤᠯᠤᠰ ᠥᠨᠢᠳᠡ ᠮᠠᠨᠳᠤᠵᠤ᠂ ᠠᠭᠤᠯᠠ ᠤᠰᠤ ᠥᠨᠢᠳᠡ ᠪᠠᠲᠤᠵᠢᠬᠤ ᠵᠢ ᠪᠡᠯᠭᠡᠳᠡᠵᠡᠢ᠃ ᠰᠡᠳᠬᠢᠯᠢ ᠬᠣᠯᠪᠣᠬᠤ ᠣᠨᠢᠰᠤᠨᠢ ᠠᠯᠠᠱ᠌ᠠ ᠠᠶ᠋ᠢᠮᠠᠭ᠂ ᠣᠷᠳᠣᠰ ᠬᠣᠲᠠ᠂ ᠪᠠᠶᠠᠨᠨᠠᠭᠤᠷ ᠬᠣᠲᠠ ᠭᠠᠷ ᠭᠠᠷ ᠵᠶ᠋ᠠᠨ ᠬᠣᠯᠪᠣᠯᠴᠠᠨ᠂ ᠰᠡᠳᠬᠢᠯ ᠵᠶ᠋ᠠᠨ ᠨᠢᠭᠡᠳᠬᠡᠵᠦ᠂ ᠬᠠᠲᠤᠨ ᠭᠣᠣᠯᠢ ᠬᠠᠮᠲᠤᠪᠠᠷ ᠵᠠᠰᠠᠬᠤ ᠵᠢ ᠪᠡᠯᠭᠡᠳᠡᠵᠡᠢ᠃ ᠪᠠᠰᠠ ᠮᠠᠨᠤ ᠳ᠋ᠧᠩᠺᠧᠦ ᠵᠢᠨ ᠠᠷᠠᠳ ᠲᠦᠮᠡᠨ ᠦᠶᠡ ᠵᠢᠨ ᠦᠶᠡᠳᠡᠭᠡᠨ ᠨᠢᠭᠡ ᠰᠡᠳᠬᠢᠯ ᠬᠠᠮᠲᠤ ᠵᠢᠨ ᠵᠣᠷᠢᠭ ᠵᠶ᠋ᠠᠷ᠂ ᠬᠦᠴᠦ ᠵᠣᠷᠢᠭ ᠵᠶ᠋ᠠᠨ ᠨᠢᠭᠡᠳᠬᠡᠨ᠂ ᠡᠬᠡ ᠨᠤᠲᠤᠭ ᠵᠶ᠋ᠠᠨ ᠨᠡᠩ ᠦᠵᠡᠰᠬᠦᠯᠡᠩᠲᠦ ᠰᠠᠶ᠋ᠢᠬᠠᠨ ᠪᠠᠶᠠᠨ ᠲᠠᠩᠰᠤᠭ ᠪᠣᠯᠭ᠋ᠠᠨ ᠪᠦᠲᠦᠭᠡᠨ ᠪᠠᠶ᠋ᠢᠭᠤᠯᠬᠤ ᠵᠢ ᠪᠡᠯᠭᠡᠳᠡᠵᠡᠢ᠃ ᠣᠨᠢᠰᠤ ᠵᠢᠨ ᠣᠷᠣᠢ ᠳᠡᠭᠡᠷᠡ ᠪᠠᠰᠠ ᠦᠵᠡᠮᠵᠢ ᠪᠠᠷᠠᠯᠠᠬᠤ ᠲᠠᠪᠴᠠᠩ ᠪᠠᠶ᠋ᠢᠭᠤᠯᠵᠤ᠂ ᠬᠠᠲᠤᠨ ᠭᠣᠣᠯᠤᠨ ᠭᠣᠶ᠋ᠢᠳᠠ ᠦᠵᠡᠮᠵᠢ᠂ ᠡᠯᠡᠰᠦᠨ ᠴᠥᠯᠤᠨ ᠭᠠᠶ᠋ᠢᠬᠠᠯᠲᠠᠢ ᠦᠵᠡᠮᠵᠢ᠂ ᠲᠠᠷᠢᠶᠠᠯᠠᠬᠤ ᠣᠷᠣᠨᠤ ᠦᠵᠡᠮᠵᠢ᠂ ᠵᠢᠵᠢᠭ ᠬᠣᠲᠠ ᠵᠢᠨ ᠳᠦᠷᠰᠦ ᠪᠠᠶ᠋ᠢᠳᠠᠯ ᠨᠢᠳᠥᠨᠳᠤ ᠢᠯᠡ ᠲᠤᠰᠳᠠᠭ᠃ ᠦᠵᠡᠮᠵᠢ ᠵᠢᠨ ᠣᠷᠣᠨᠳᠤ ᠪᠠᠰᠠ ᠰᠡᠳᠬᠢᠯ ᠵᠶ᠋ᠠᠨ ᠬᠣᠯᠪᠣᠬᠤ ᠣᠨᠢᠰᠤᠨᠤ ᠦᠢ᠍ᠯᠡᠴᠢᠯᠡᠭᠡ ᠬᠠᠩᠭ᠋ᠠᠵᠤ᠂ ᠡᠯᠡ ᠵᠦᠢ᠍ᠯᠤᠨ ᠣᠨᠢᠰᠤ ᠵᠢ ᠬᠤᠳᠠᠯᠳᠤᠵᠤ ᠪᠠᠶ᠋ᠢᠳᠠᠭ ᠪᠥᠭᠡᠳ ᠦᠰᠦᠭ ᠰᠡᠶ᠋ᠢᠯᠬᠦ ᠦᠢ᠍ᠯᠡᠴᠢᠯᠡᠭᠡ ᠬᠠᠩᠭ᠋ᠠᠵᠤ ᠪᠠᠶ᠋ᠢᠳᠠᠭ᠃ ᠣᠨᠢᠰᠤᠪᠠᠨ ᠣᠨᠢᠰᠤᠯᠠᠭᠰᠠᠨᠤ ᠳᠠᠷᠠᠭᠠ᠂ ᠬᠥᠮᠥᠰ ᠲᠦᠯᠬᠢᠭᠦᠷ ᠵᠶ᠋ᠠᠨ ᠬᠠᠲᠤᠨ ᠭᠣᠣᠯᠳᠤ ᠰᠢᠳᠡᠨ ᠣᠷᠣᠭᠤᠯᠵᠤ᠂ ᠰᠠᠶ᠋ᠢᠬᠠᠨ ᠬᠦᠰᠡᠯ ᠪᠣᠳᠣᠯᠨᠢ ᠬᠠᠲᠤᠨᠤ ᠤᠰᠤ ᠰᠢᠭ᠋ ᠥᠨᠢᠳᠡ ᠣᠷᠣᠰᠢᠬᠤ ᠵᠢ ᠪᠡᠯᠭᠡᠳᠡᠳᠡᠭ ᠰᠠᠨ᠃
ᠢᠷᠡᠯᠲᠡ᠄ ᠲᠤᠰ ᠰᠦᠯᠵᠢᠶᠡ