ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠭᠠᠷ ᠤᠲᠠᠰᠤᠨ᠎ᠤ ᠴᠢᠨᠢ ᠠᠮᠢ ᠨᠠᠰᠤ ᠵᠢ ᠬᠦᠨᠳᠦ ᠨᠣᠴᠢᠲᠠᠶ ᠨᠥᠯᠥᠭᠡᠯᠡᠨ᠎ᠡ᠂ ᠪᠢᠲᠡᠭᠡᠶ ᠢᠩᠭᠢᠵᠦ ᠴᠡᠨᠡᠭᠯᠡᠭᠡᠷᠡᠢ !

ᠨᠡᠶ᠋ᠢᠲᠡᠯᠡᠭᠰᠡᠨ ᠴᠠᠭ᠄   2025-11-13

1. ᠣᠷᠳᠣ ᠬᠤᠭᠤᠴᠠᠭ᠎ᠠ᠎ᠪᠠᠷ ᠴᠡᠨᠡᠭᠯᠡᠭᠦᠷ᠎ᠢ ᠰᠤᠭᠤᠯᠬᠤ ᠥᠬᠡᠶ ᠪᠣᠯ ᠶᠠᠮᠠᠷ ᠬᠤᠤᠷ ᠬᠥᠨᠥᠭᠡᠯ᠎ᠲᠠᠢ ᠪᠣᠶ ?

ᠴᠡᠨᠡᠭᠯᠡᠬᠦᠷ᠎ᠢ ᠤᠷᠳᠤ ᠬᠤᠭᠤᠴᠠᠭ᠎ᠠ᠎ᠪᠠᠷ ᠤᠭᠯᠠᠭᠤᠷ ᠬᠠᠪᠲᠠᠰᠤ᠎ᠠᠴᠠ ᠰᠤᠭᠤᠯᠬᠤ ᠦᠭᠡᠢ ᠪᠣᠯ ᠴᠠᠬᠢᠯᠭ᠋ᠠᠨ᠎ᠢ ᠬᠤᠷᠤᠬᠳᠠᠭᠤᠯᠵᠤ ᠪᠦᠷᠢᠯᠭᠡᠬᠦ᠎ᠪᠠᠷ ᠪᠠᠷᠠᠬᠤ ᠦᠭᠡᠢ᠂ ᠪᠠᠰᠠ ᠦᠷᠭᠦᠯᠵᠢᠯᠡᠨ ᠬᠠᠯᠠᠭ᠋ᠠᠭ᠋ᠠᠳ ᠪᠠᠢ᠌ᠪᠠᠯ᠂ ᠪᠠᠭ᠋ᠠᠵᠢ ᠬᠡᠷᠡᠭᠰᠡᠯ ᠪᠠ ᠮᠠᠲ᠋ᠧᠷᠢᠶᠠᠯ᠎ᠨᠢ ᠬᠠᠭᠤᠴᠢᠷᠠᠬᠤ ᠵᠢ ᠲᠦᠷᠭᠡᠳᠬᠡᠵᠦ᠂ ᠳᠥᠲᠡᠯᠡᠯ ᠡᠭᠦᠰᠬᠦ ᠪᠤᠶᠤ ᠥᠨᠳᠥᠷ ᠳᠠᠷᠤᠯᠲᠠ᠎ᠪᠠᠷ ᠨᠡᠪᠲᠡᠯᠬᠦ ᠦᠵᠡᠭᠳᠡᠯ᠎ᠢ ᠠᠮᠠᠷᠬᠠᠨ ᠡᠭᠦᠰᠭᠡᠵᠦ᠂ ᠭᠠᠯ᠎ᠤᠨ ᠠᠶᠤᠯ᠎ᠤᠨ ᠲᠠᠯᠳᠠ ᠭᠡᠮ᠎ᠢ ᠪᠤᠢ ᠪᠤᠯᠭ᠋ᠠᠳᠠᠭ᠃ᠴᠡᠨᠡᠭᠯᠡᠭᠦᠷ ᠰᠠᠨᠠᠮᠰᠠᠷ ᠦᠭᠡᠢ ᠭᠠᠯ ᠭᠠᠷᠪᠠᠯ ᠪᠠᠷᠢᠨ ᠲᠤᠣᠷ᠎ᠠ᠎ᠪᠠᠨ ᠴᠠᠬᠢᠯᠭ᠋ᠠᠨ ᠡᠭᠦᠰᠭᠡᠭᠴᠢ ᠵᠢ ᠲᠠᠰᠤᠯᠬᠤ ᠬᠡᠷᠡᠭᠳᠡᠢ; ᠤᠰᠤ᠎ᠪᠠᠷ ᠤᠨᠲᠠᠷᠠᠭ᠋ᠠᠵᠤ ᠪᠣᠯᠬᠤ ᠦᠭᠡᠢ᠂ ᠵᠤᠵᠠᠭ᠋ᠠᠨ ᠬᠤᠪᠴᠠᠰᠤ ᠬᠤᠨᠠᠷ ᠪᠤᠶᠤ ᠬᠥᠨᠵᠢᠯᠡ ᠳᠡᠪᠢᠰᠬᠡᠷ ᠵᠶ᠋ᠠᠷ ᠪᠦᠷᠬᠦᠨ ᠳᠠᠷᠤᠬᠤ ᠪᠤᠶᠤ ᠪᠦᠳᠡᠭᠡᠬᠦ ᠭᠡᠷᠡᠭᠳᠡᠢ᠃

2. ᠭᠠᠷ ᠤᠲᠠᠰᠤ᠎ᠪᠠᠨ ᠰᠥᠨᠢᠵᠢᠨ ᠴᠡᠨᠡᠭᠯᠡᠵᠦ ᠪᠣᠯᠤᠨ᠎ᠠ ᠦᠦ ?

ᠭᠡᠳᠦ ᠳᠦᠭᠦᠷᠳᠡᠯ᠎ᠡ ᠴᠡᠨᠡᠭᠯᠡᠬᠦ ᠭᠡᠷᠡᠭ ᠦᠭᠡᠢ! ᠴᠡᠨᠡᠭᠯᠡᠭᠦᠷ᠎ᠨᠢ ᠴᠠᠬᠢᠯᠭ᠋ᠠᠨ ᠳᠦᠭᠦᠷᠡᠩ ᠪᠠᠢ᠌ᠬᠤ ᠪᠠᠢ᠍ᠢ᠍ᠳᠠᠯ᠎ᠲᠠᠢ ᠪᠠᠢ᠌ᠭ᠋ᠠᠳ ᠪᠠᠢ᠌ᠪᠠᠯ᠂ ᠬᠡᠳᠦᠶ᠋ᠢᠪᠡᠷ ᠳᠡᠯᠪᠡᠷᠡᠬᠦ ᠦᠭᠡᠢ ᠪᠣᠯᠪᠠᠴᠤ ᠴᠡᠨᠡᠭᠯᠡᠭᠦᠷ᠎ᠤᠨ ᠪᠠᠭᠲᠠᠭ᠋ᠠᠮᠵᠢ ᠵᠢᠨ ᠰᠦᠢ᠍ᠳᠬᠦ ᠬᠤᠷᠳᠤᠴᠠ ᠵᠢ ᠲᠦᠷᠭᠡᠳᠬᠡᠬᠦ ᠪᠤᠯᠤᠨ᠎ᠠ᠃ ᠬᠡᠷᠪᠡ ᠴᠡᠨᠡᠭᠯᠡᠭᠦᠷ᠎ᠤᠨ ᠬᠠᠮᠠᠭ᠋ᠠᠯᠠᠯᠲᠠ ᠵᠢᠨ ᠲᠣᠨᠣᠭᠯᠠᠯ ᠬᠦᠴᠦᠨ ᠤᠢ᠍ᠭᠡᠢ ᠪᠣᠯᠬᠤ ᠪᠤᠶᠤ ᠴᠡᠨᠡᠭᠯᠡᠭᠦᠷ᠎ᠤᠨ ᠲᠤᠰ ᠪᠡᠶ᠎ᠡ᠎ᠨᠢ ᠮᠠᠰ᠎ᠤᠨ ᠳᠤᠲᠠᠭᠳᠠᠯ᠎ᠲᠠᠢ ᠪᠤᠯᠵᠤ᠂ ᠲᠡᠷᠡ ᠲᠤᠣᠷ᠎ᠠ᠎ᠪᠠᠨ ᠮᠡᠳᠡᠭᠰᠡᠨ ᠤᠢ᠍ᠭᠡᠢ ᠎ᠠᠴᠠ ᠪᠤᠯᠬᠤ᠎ᠳᠤ ᠬᠦᠷᠪᠡᠯ ᠭᠠᠯ ᠭᠠᠷᠬᠤ ᠴᠢᠨᠠᠭᠰᠢᠯᠠᠪᠠᠯ ᠳᠡᠯᠪᠡᠷᠡᠵᠦ ᠮᠡᠳᠡᠨ᠎ᠡ᠃

3. ᠭᠠᠷ ᠤᠳᠠᠰᠤ᠎ᠪᠠᠨ ᠴᠡᠨᠡᠭᠯᠡᠬᠦ ᠦᠶ᠎ᠡ᠎ᠳᠤ ᠠᠶᠤᠯ ᠡᠭᠦᠰᠬᠦ ᠵᠢ ᠶᠠᠭ᠋ᠠᠬᠢᠵᠦ ᠰᠡᠷᠭᠡᠶ᠋ᠢᠯᠡᠬᠦ ᠪᠣᠶ ?

◆ ᠭᠠᠷ ᠤᠳᠠᠰᠤ ᠵᠢ ᠤᠳᠠᠭ᠋ᠠᠨ ᠴᠡᠨᠡᠭᠯᠡᠬᠦ᠎ᠠᠴᠠ ᠵᠠᠢ᠍ᠯᠠᠰᠭᠢᠬᠦ ᠬᠡᠷᠡᠭᠳᠡᠢ

◆ ᠤᠤᠯ ᠴᠡᠨᠡᠭᠯᠡᠭᠦᠷ᠎ᠢ ᠬᠡᠷᠡᠭᠯᠡᠬᠦ ᠬᠡᠷᠡᠭᠳᠡᠢ

◆ ᠴᠡᠨᠡᠭᠯᠡᠵᠦ ᠪᠠᠢ᠌ᠭ᠎ᠠ ᠦᠶ᠎ᠡ᠎ᠳᠡᠭᠡᠨ ᠴᠢᠳᠠᠬᠤ ᠵᠢᠨ ᠬᠢᠷᠢ ᠭᠠᠷ ᠤᠲᠠᠰᠤ᠎ᠪᠠᠨ ᠬᠡᠷᠡᠭᠯᠡᠬᠦ ᠦᠭᠡᠢ ᠪᠠᠢ᠌ᠬᠤ ᠬᠡᠷᠡᠭᠳᠡᠢ

◆ ᠭᠠᠷ ᠤᠲᠠᠰᠤ᠎ᠪᠠᠨ ᠥᠨᠳᠥᠷ ᠬᠠᠯᠠᠭᠤᠨ ᠣᠷᠴᠢᠨ᠎ᠳᠤ ᠪᠢᠲᠡᠭᠡᠶ ᠲᠠᠯᠪᠢ

◆ ᠭᠠᠷ ᠤᠲᠠᠰᠤ᠎ᠪᠠᠨ ᠴᠢᠭᠢᠭᠲᠦᠬᠦᠯᠬᠦ ᠪᠤᠶᠤ ᠤᠰᠤᠨ᠎ᠳᠤ ᠤᠷᠤᠭᠤᠯᠬᠤ᠎ᠠᠴᠠ ᠵᠠᠶ᠋ᠢᠯᠠᠰᠬᠢᠬᠦ ᠬᠡᠷᠡᠭᠲᠡᠶ

◆ ᠤᠷᠢᠳ ᠵᠶ᠋ᠠᠷ ᠴᠠᠬᠢᠯᠭ᠋ᠠᠨ ᠡᠭᠦᠰᠭᠡᠭᠴᠢ ᠵᠢ ᠨᠡᠪᠲᠡᠷᠡᠭᠦᠯᠵᠦ ᠲᠠᠷᠠᠭ᠎ᠠ᠎ᠨᠢ ᠭᠠᠷ ᠤᠲᠠᠰᠤ᠎ᠪᠠᠨ ᠵᠠᠯᠭ᠋ᠠᠬᠤ ᠬᠡᠷᠡᠭᠳᠡᠢ

◆ ᠬᠡᠲᠦ ᠬᠦᠢ᠍ᠲᠡᠨ ᠪᠤᠶᠤ ᠬᠡᠲᠦ ᠬᠠᠯᠠᠭᠤᠨ ᠣᠷᠴᠢᠨ ᠲᠣᠭᠣᠷᠢᠨ᠎ᠳᠤ ᠭᠠᠷ ᠤᠳᠠᠰᠤ᠎ᠪᠠᠨ ᠪᠢᠳᠡᠭᠡᠢ ᠴᠡᠨᠡᠭᠯᠡᠭᠡᠷᠡᠢ

◆ ᠴᠢᠳᠠᠬᠤ ᠵᠢᠨ ᠬᠢᠷᠢ ᠳᠡᠷ᠎ᠡ ᠵᠢᠨ ᠵᠢᠨᠨ ᠤᠢ᠌ᠷᠡᠯᠴᠠᠭ᠎ᠠ ᠭᠠᠷ ᠤᠳᠠᠰᠤ᠎ᠪᠠᠨ ᠪᠢᠳᠡᠭᠡᠢ ᠴᠡᠨᠡᠭᠯᠡᠭᠡᠷᠡᠢ

 

ᠢᠷᠡᠯᠲᠡ᠄ ᠠᠷᠠᠳ᠎ᠤᠨ ᠰᠦᠯᠵᠢᠶ᠎ᠡ