ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠵᠣᠭᠣᠰᠣᠨ ᠪᠣᠭᠴᠣ᠎ᠪᠠᠨ ᠬᠠᠮᠠᠭ᠋ᠠᠯᠠᠶ᠎ᠠ ᠬᠡᠪᠡᠯ ᠸᠢᠴᠠᠲ᠎ᠤᠨ ᠴᠢᠳᠠᠮᠵᠢ ᠵᠢ ᠵᠠᠪᠠᠯ ᠨᠡᠭᠡᠭᠡᠬᠦ ᠬᠡᠷᠡᠭᠲᠡᠶ !

ᠨᠡᠶ᠋ᠢᠲᠡᠯᠡᠭᠰᠡᠨ ᠴᠠᠭ᠄   2025-11-13

ᠸᠢᠴᠠᠲ᠎ᠤᠨ ᠳᠣᠲᠣᠷᠠᠬᠢ ᠵᠣᠭᠣᠰᠣᠨ ᠪᠣᠭᠴᠣ᠎ᠪᠠᠨ ᠵᠠᠪᠠᠯ ᠣᠨᠢᠰᠤᠯᠠᠬᠤ ᠬᠡᠷᠡᠭᠲᠡᠶ᠂ ᠢᠨᠭᠬᠢᠪᠡᠯ ᠭᠠᠷ ᠤᠲᠠᠰᠤ᠎ᠪᠠᠨ ᠭᠡᠭᠡᠭᠰᠡᠨ ᠴᠤ᠌᠂ ᠪᠤᠰᠤᠳ ᠬᠥᠮᠦᠨ ᠴᠢᠨᠦ ᠸᠢᠴᠠᠲ᠎ᠤᠨ ᠵᠣᠭᠣᠰᠣᠨ ᠪᠣᠭᠴᠣ ᠵᠢ ᠬᠡᠷᠡᠭᠯᠡᠵᠦ ᠳᠡᠶ᠋ᠢᠯᠬᠦ ᠦᠭᠡᠢ ᠶᠤᠮ᠃

ᠨᠢᠭᠡᠳᠦᠭᠡᠷ ᠠᠯᠬᠤᠮ᠄ ᠸᠢᠴᠠᠲ ᠵᠢᠨᠨ ᠨᠡᠭᠡᠭᠡᠵᠦ᠂ 《ᠪᠢ — ᠤᠢ᠌ᠯᠡᠴᠢᠯᠡᠭᠡ — ᠵᠣᠭᠣᠰᠣᠨ ᠪᠣᠭᠴᠣ》᠎ᠳᠠᠭᠠᠨ ᠤᠷᠤᠭ᠋ᠠᠳ 《ᠬᠡᠷᠡᠭᠯᠡᠭᠴᠢ ᠵᠢᠨ ᠤᠢ᠌ᠯᠡᠴᠢᠯᠡᠭᠡᠨ᠎ᠤ ᠲᠥᠪ》᠎ᠢ ᠰᠣᠩᠭᠣᠨ᠎ᠠ᠃

ᠬᠣᠶᠠᠳᠤᠭ᠋ᠠᠷ ᠠᠯᠬᠤᠮ᠄ 《ᠪᠠᠶ᠋ᠢᠩᠭᠤ ᠬᠡᠷᠡᠭᠯᠡᠬᠦ ᠪᠠᠭ᠋ᠠᠵᠢ》 ᠵᠢᠨ ᠨᠢᠭᠤᠷ᠎ᠠᠴᠠ ᠬᠡᠷᠡᠭᠯᠡᠭᠴᠢᠳ᠎ᠤᠨ ᠬᠠᠮᠠᠭ᠋ᠠᠯᠠᠯᠳᠠ ᠵᠢ ᠰᠣᠩᠭᠣᠨ᠎ᠠ᠃

ᠭᠤᠷᠪᠠᠳᠤᠭ᠋ᠠᠷ ᠠᠯᠬᠤᠮ᠄ 《ᠠᠮᠤᠷ ᠲᠦᠪᠰᠢᠨ᠎ᠤ ᠪᠠᠲᠤᠯᠠᠭ᠎ᠠ》 ᠵᠢ ᠰᠣᠩᠭᠣᠨ᠎ᠠ᠃

ᠳᠥᠷᠪᠡᠳᠦᠭᠡᠷ ᠠᠯᠬᠤᠮ᠄ 《ᠠᠮᠤᠷ ᠲᠦᠪᠰᠢᠨ᠎ᠤ ᠣᠨᠢᠰᠤ》 ᠵᠢ ᠰᠣᠩᠭᠣᠪᠠᠯ᠂ ᠬᠣᠶᠠᠷ ᠵᠤᠢ᠌ᠯ᠎ᠤᠨ ᠣᠨᠢᠰᠤ ᠲᠠᠶ᠋ᠢᠯᠬᠤ ᠠᠷᠭ᠎ᠠ ᠮᠠᠶᠢᠭ᠎ᠢ ᠣᠯᠵᠤ ᠬᠠᠷᠠᠨ᠎ᠠ᠂ ᠨᠢᠭᠡ᠎ᠨᠢ 《ᠬᠤᠷᠤᠭᠤᠨ ᠣᠷᠣ᠋ ᠵᠢᠨᠷ ᠣᠨᠢᠰᠤ ᠲᠠᠶ᠋ᠢᠯᠬᠤ》᠂ ᠨᠥᠭᠥᠭᠡ᠎ᠨᠢ 《ᠭᠠᠷ᠎ᠤᠨ ᠳᠣᠬᠢᠶᠠᠨ᠎ᠤ ᠨᠢᠭᠤᠴᠠ ᠨᠣᠮᠧᠷ ᠵᠢᠨᠷ ᠣᠨᠢᠰᠤ ᠲᠠᠶ᠋ᠢᠯᠬᠤ》 ᠪᠣᠯᠤᠨ᠎ᠠ᠂ ᠥᠪᠡᠷ᠎ᠤᠨ ᠬᠡᠷᠡᠭᠯᠡᠵᠦ ᠲᠠᠳᠤᠬᠰᠠᠨ ᠳᠠᠳᠬᠠᠯ ᠵᠶ᠋ᠠᠨ ᠦᠨᠳᠦᠰᠦᠯᠡᠨ ᠨᠢᠭᠡ ᠵᠤᠢ᠌ᠯ᠎ᠤᠨ ᠣᠨᠢᠰᠤ ᠲᠠᠶ᠋ᠢᠯᠬᠤ ᠠᠷᠭ᠎ᠠ ᠮᠠᠶᠢᠭ᠎ᠢ ᠰᠣᠩᠭᠣᠵᠤ᠂ ᠪᠡᠶ᠎ᠡ ᠵᠢᠨ ᠭᠠᠷᠤᠯ ᠵᠶ᠋ᠠᠨ ᠰᠢᠯᠭ᠋ᠠᠨ ᠨᠤᠲᠠᠯᠠᠭᠤᠯᠬᠤ ᠵᠢᠨ ᠬᠠᠮᠲᠤ ᠣᠨᠢᠰᠤ ᠲᠠᠶ᠋ᠢᠯᠬᠤ ᠠᠷᠭ᠎ᠠ ᠮᠠᠶᠢᠭ᠎ᠢ ᠰᠠᠶ᠋ᠢᠲᠤᠷ ᠲᠣᠬᠢᠷᠠᠭᠤᠯᠪᠠᠯ᠂ ᠠᠮᠤᠷ ᠲᠦᠪᠰᠢᠨ᠎ᠤ ᠣᠨᠢᠰᠤ ᠵᠢᠨ ᠴᠢᠳᠠᠮᠵᠢ ᠳᠠᠷᠤᠶ ᠨᠡᠭᠡᠭᠡᠭᠳᠡᠨ᠎ᠡ᠃

 

ᠢᠷᠡᠯᠲᠡ᠄ ᠠᠷᠠᠳ᠎ᠤᠨ ᠰᠦᠯᠵᠢᠶ᠎ᠡ