ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠦᠨᠢᠶᠡᠨ ᠰᠦ᠎ᠪᠠᠷ ᠡᠮ ᠲᠠᠷᠤᠭᠤᠯᠵᠤ ᠤᠤᠭᠤᠯᠭ᠋ᠠᠬᠤ ᠁ ᠬᠡᠦᠬᠡᠳ᠎ᠲᠤ ᠡᠮ ᠤᠤᠭᠤᠯᠭ᠋ᠠᠬᠤ ᠲᠤᠬᠠᠢ ᠪᠤᠷᠤᠭᠤ ᠣᠶ᠋ᠢᠯᠠᠭ᠋ᠠᠯᠲᠠ᠎ᠠᠴᠠ ᠵᠠᠶ᠋ᠢᠯᠠᠰᠬᠢᠬᠦ ᠬᠡᠷᠡᠭᠲᠡᠢ

ᠨᠡᠶ᠋ᠢᠲᠡᠯᠡᠭᠰᠡᠨ ᠴᠠᠭ᠄   2024-08-29

    ᠬᠡᠦᠬᠡᠳ᠎ᠲᠤ ᠡᠮ ᠤᠤᠭᠤᠯᠭ᠋ᠠᠬᠤ᠎ᠳᠤ ᠬᠦᠴᠢᠷ ᠪᠠᠶ᠋ᠢᠳᠠᠭ᠎ᠠᠴᠠ ᠭᠡᠷ᠎ᠤᠨ ᠠᠬᠠᠮᠠᠳ ᠨᠠᠷ ᠦᠷᠭᠦᠯᠵᠢ ᠬᠡᠦᠬᠡᠳ᠎ᠤᠨ ᠤᠤᠭᠤᠬᠤ ᠳᠤᠷᠠᠲᠠᠢ ᠦᠨᠢᠶᠡᠨ ᠰᠦ᠂ ᠵᠢᠮᠢᠰ᠎ᠤᠨ ᠰᠢᠭᠦᠰᠦ ᠵᠡᠷᠭᠡ ᠤᠮᠳᠠᠭ᠋ᠠᠨ ᠵᠶ᠋ᠠᠷ ᠡᠮ ᠲᠠᠷᠤᠭᠤᠯᠵᠤ ᠤᠤᠭᠤᠯᠭ᠋ᠠᠳᠠᠭ᠃ ᠦᠨᠡᠨ᠎ᠳᠡᠭᠡᠨ ᠲᠣᠳᠣᠷᠬᠠᠶ᠋ᠢᠯᠠᠯᠲᠠ ᠵᠢᠨ ᠪᠢᠴᠢᠭ ᠳᠡᠭᠡᠷ᠎ᠡ ᠣᠨᠴᠠᠭ᠋ᠠᠶ᠋ᠢᠯᠠᠨ ᠲᠣᠳᠣᠷᠬᠠᠶ᠋ᠢᠯᠠᠭᠰᠠᠨ ᠪᠠᠶ᠋ᠢᠳᠠᠯ᠎ᠢ ᠭᠠᠷᠭ᠋ᠠᠪᠠᠯ᠂ ᠣᠯᠠᠩᠬᠢ ᠡᠮ᠎ᠢ ᠪᠦᠷ ᠪᠦᠯᠢᠶᠡᠨ ᠤᠰᠤ᠎ᠪᠠᠷ ᠳᠠᠷᠤᠭᠤᠯᠵᠤ ᠤᠤᠭᠤᠯᠭ᠋ᠠᠪᠠᠯ ᠵᠣᠬᠢᠨ᠎ᠠ᠃ ᠦᠨᠢᠶᠡᠨ ᠰᠦ᠂ ᠵᠢᠮᠢᠰ᠎ᠤᠨ ᠰᠢᠭᠦᠰᠦ ᠵᠡᠷᠭᠡ ᠪᠤᠰᠤᠳ ᠰᠢᠩᠭᠡᠨ ᠪᠡᠶᠡᠲᠦ᠎ᠪᠠᠷ ᠡᠮ ᠳᠠᠷᠤᠭᠤᠯᠵᠤ ᠤᠤᠭᠤᠯᠭ᠋ᠠᠪᠠᠯ ᠳᠣᠣᠷᠠᠬᠢ ᠮᠡᠲᠦ ᠮᠠᠭᠤ ᠨᠥᠯᠥᠭᠡ ᠭᠠᠷᠴᠤ ᠮᠡᠳᠡᠨ᠎ᠡ᠃ ᠦᠨᠢᠶᠡᠨ ᠰᠦ ᠵᠢᠨ ᠳᠣᠲᠣᠷᠠᠬᠢ ᠺᠠᠯᠼ᠂ ᠮᠠᠭᠨᠢ ᠵᠡᠷᠭᠡ ᠡᠷᠦᠳᠡᠰᠦ᠎ᠨᠢ ᠡᠮ᠎ᠤᠨ ᠰᠢᠩᠭᠡᠭᠡᠯᠲᠡ ᠵᠢ ᠨᠥᠯᠥᠭᠡᠯᠡᠳᠡᠭ᠃ ᠵᠢᠮᠢᠰ᠎ᠤᠨ ᠰᠢᠭᠦᠰᠦ᠎ᠨᠢ ᠶᠡᠷᠦ᠎ᠳᠡᠭᠡᠨ ᠬᠦᠴᠢᠯᠢᠭ ᠴᠢᠨᠠᠷ᠎ᠲᠠᠢ ᠪᠥᠭᠡᠳ ᠱᠦᠯᠲᠦᠯᠢᠭ ᠴᠢᠨᠠᠷ᠎ᠲᠠᠢ ᠡᠮ᠂ ᠵᠢᠱ᠌ᠢᠶᠡᠯᠡᠪᠡᠯ ᠡᠷᠢᠳ᠋ᠷᠣᠮᠢᠼᠢᠨ (红霉素) ᠵᠡᠷᠭᠡ᠎ᠲᠠᠢ ᠤᠷᠪᠠᠯ ᠡᠭᠦᠰᠴᠦ᠂ ᠢᠳᠡᠪᠬᠢ ᠴᠢᠨᠠᠷ ᠵᠶ᠋ᠠᠨ ᠠᠯᠳᠠᠵᠤ᠂ ᠡᠮᠴᠢᠯᠡᠭᠡᠨ᠎ᠤ ᠦᠷ᠎ᠡ ᠳ᠋ᠦᠩ᠎ᠢ ᠨᠥᠯᠥᠭᠡᠯᠡᠳᠡᠭ᠃

ᠢᠷᠡᠯᠲᠡ᠄ ᠠᠷᠠᠳ᠎ᠤᠨ ᠰᠦᠯᠵᠢᠶ᠎ᠡ