ᠦᠢᠯᠡᠴᠢᠯᠡᠭᠡ   -   ᠲᠠᠨ᠎ᠳᠤ ᠦᠢᠯᠡᠴᠢᠯᠡᠬᠦ᠌

5 ᠲᠦᠮᠡᠨ ᠬᠥᠮᠦᠨ᠎ᠤ ᠰᠤᠳᠤᠯᠭ᠋ᠠᠨ᠎ᠳᠤ ᠰᠠᠭᠤᠷᠢᠯᠠᠨ ᠢᠯᠡᠷᠡᠭᠦᠯᠦᠭᠰᠡᠨ ᠵᠢᠨᠷ᠄ ᠡᠨᠡ ᠬᠦ᠌ ᠳᠠᠳᠬᠠᠯ᠎ᠨᠢ ᠥᠮᠡᠨ᠎ᠳᠤ ᠨᠡᠷᠪᠡᠭᠳᠡᠬᠦ ᠲᠦᠭᠰᠢᠭᠦᠷᠢ ᠵᠢ ᠪᠦᠲᠦᠮᠵᠢᠲᠡᠶ ᠪᠠᠭ᠋ᠠᠰᠬᠠᠵᠤ ᠴᠢᠳᠠᠨ᠎ᠠ!

ᠨᠡᠶ᠋ᠢᠲᠡᠯᠡᠭᠰᠡᠨ ᠴᠠᠭ᠄   2024-08-29

      2022 ᠣᠨ᠎ᠤ 《ᠣᠯᠠᠨ ᠤᠯᠤᠰ᠎ᠤᠨ ᠦᠢ᠍ᠯᠡ ᠠᠵᠢᠯᠯᠠᠭ᠋ᠠᠨ᠎ᠤ ᠰᠢᠮ᠎ᠡ ᠲᠡᠵᠢᠭᠡᠯ ᠬᠢᠭᠡᠳ ᠪᠡᠶ᠎ᠡ ᠵᠢᠨ ᠲᠠᠮᠢᠷ᠎ᠤᠨ ᠬᠥᠳᠡᠯᠭᠡᠭᠡᠨ》 ᠰᠡᠳᠬᠦᠯ᠎ᠳᠤ ᠨᠡᠶ᠋ᠢᠲᠡᠯᠡᠭᠰᠡᠨ ᠨᠢᠭᠡᠨ ᠰᠤᠳᠤᠯᠭ᠋ᠠᠨ᠎ᠳᠤ ᠢᠯᠡᠷᠡᠭᠦᠯᠦᠭᠰᠡᠨ ᠵᠶ᠋ᠠᠷ᠂ ᠪᠡᠶ᠎ᠡ ᠵᠢᠨ ᠬᠥᠳᠡᠯᠭᠡᠭᠡᠨ ᠢᠯᠡᠬᠦᠦ ᠬᠢᠬᠦ᠎ᠨᠢ ᠥᠮᠡᠨ᠂ ᠠᠭᠤᠰᠬᠢᠨ ᠥᠮᠡᠨ᠂ ᠬᠣᠲᠣᠷᠢᠩᠬᠠᠶ ᠭᠡᠳᠡᠰᠦ ᠰᠢᠯᠤᠭᠤᠨ ᠭᠡᠳᠡᠰᠦᠨ᠎ᠤ ᠥᠮᠡᠨ᠎ᠤ ᠲᠦᠭᠰᠢᠭᠦᠷᠢ ᠵᠢ ᠪᠠᠭᠤᠷᠠᠭᠤᠯᠬᠤ᠎ᠲᠠᠢ ᠬᠣᠯᠪᠣᠭ᠎ᠠ᠎ᠲᠠᠢ ᠪᠠᠶ᠋ᠢᠳᠠᠭ᠃

      ᠡᠨᠡ ᠬᠦ᠌ ᠰᠤᠳᠤᠯᠭ᠋ᠠᠨ᠎ᠳᠤ᠂ 30᠎ᠠᠴᠠ 79 ᠨᠠᠰᠤᠨ᠎ᠤ ᠮᠠᠨ᠎ᠤ ᠤᠯᠤᠰ᠎ᠤᠨ 5 ᠲᠦᠮᠡ ᠭᠠᠷᠤᠶ ᠣᠷᠣᠯᠴᠠᠭᠴᠢ ᠵᠢ ᠣᠷᠣᠭᠤᠯᠵᠤ᠂ ᠣᠯᠠᠨ᠎ᠤ ᠪᠡᠶ᠎ᠡ ᠵᠢᠨ ᠬᠥᠳᠡᠯᠭᠡᠭᠡᠨ᠎ᠤ ᠪᠠᠶ᠋ᠢᠳᠠᠯ᠎ᠤᠨ ᠪᠦᠷᠢᠳᠬᠡᠯ ᠬᠢᠭᠰᠡᠨ ᠵᠶ᠋ᠠᠷ ᠪᠠᠷᠠᠬᠤ ᠥᠬᠡᠶ᠂ ᠪᠠᠰᠠ ᠢᠳᠡᠭᠡᠨ ᠤᠮᠳᠠᠭ᠋ᠠᠨ᠂ ᠠᠷᠢᠬᠢ ᠤᠤᠭᠤᠬᠤ᠂ ᠲᠠᠮᠠᠬᠢ ᠲᠠᠲᠠᠬᠤ᠂ ᠪᠡᠶ᠎ᠡ ᠵᠢᠨ ᠬᠦᠨᠳᠦ ᠵᠡᠷᠭᠡ ᠠᠮᠢᠳᠤᠷᠠᠯ᠎ᠤᠨ ᠠᠷᠭ᠎ᠠ ᠮᠠᠶᠢᠭ ᠪᠠ ᠲᠥᠷᠥᠯ ᠤᠭᠰᠠᠭ᠎ᠠ ᠵᠢᠨ ᠥᠮᠡᠨ ᠡᠪᠡᠳᠴᠢᠨ᠎ᠤ ᠮᠡᠳᠡᠭᠡ ᠵᠠᠩᠭᠢ ᠵᠢᠨ ᠲᠤᠬᠠᠢ ᠪᠦᠷᠢᠳᠬᠡᠯ ᠬᠢᠵᠡᠶ᠃

      ᠪᠦᠷᠢᠳᠬᠡᠯ ᠬᠢᠭᠰᠡᠨ ᠳ᠋ᠦᠩ᠎ᠠᠴᠠ ᠦᠵᠡᠪᠡᠯ᠂ 25.1% ᠬᠦᠮᠦᠰ᠎ᠨᠢ ᠲᠥᠷᠥᠯ ᠤᠭᠰᠠᠭ᠎ᠠ ᠵᠢᠨ ᠥᠮᠡᠨ ᠡᠪᠡᠳᠴᠢᠨ᠎ᠤ ᠲᠡᠦᠬᠡ᠎ᠲᠠᠢ᠃ ᠪᠤᠰᠤᠳ ᠬᠦᠴᠦᠨ ᠵᠦᠢ᠍ᠯ᠎ᠤᠨ ᠨᠥᠯᠥᠭᠡ ᠵᠢ ᠭᠠᠷᠭ᠋ᠠᠪᠠᠯ᠂ ᠪᠡᠶ᠎ᠡ ᠵᠢᠨ ᠬᠥᠳᠡᠯᠭᠡᠭᠡᠨ ᠢᠯᠡᠭᠦᠦ ᠬᠢᠬᠦ᠎ᠨᠢ ᠣᠷᠣᠯᠴᠠᠭᠰᠠᠳ᠎ᠤᠨ ᠥᠮᠡᠨ ᠡᠪᠡᠳᠴᠢᠨ᠎ᠤ ᠲᠦᠭᠰᠢᠭᠦᠷᠢ ᠵᠢ ᠪᠠᠭᠤᠷᠠᠭᠤᠯᠬᠤ᠎ᠲᠠᠢ ᠬᠣᠯᠪᠣᠭ᠎ᠠ᠎ᠲᠠᠢ ᠪᠠᠢ᠌ᠬᠤ ᠵᠢ ᠰᠤᠳᠤᠯᠤᠭᠴᠢᠳ ᠣᠯᠵᠤ ᠮᠡᠳᠡᠵᠡᠢ᠃

      ᠬᠦᠳᠡᠯᠭᠡᠭᠡᠨ ᠬᠢᠬᠦ᠎ᠨᠢ ᠥᠮᠡᠨ ᠡᠪᠡᠳᠴᠢᠨ᠎ᠢ ᠰᠡᠷᠭᠡᠶ᠋ᠢᠯᠡᠬᠦ᠎ᠳᠤ ᠴᠢᠬᠤᠯᠠ ᠦᠢ᠍ᠯᠡᠳᠦᠯ᠎ᠲᠠᠢ ᠭᠡᠳᠡᠭ᠎ᠢ ᠡᠭᠦᠨ᠎ᠠᠴᠠ ᠮᠡᠳᠡᠵᠦ ᠪᠣᠯᠤᠨ᠎ᠠ᠃ ᠬᠥᠳᠡᠯᠭᠡᠭᠡᠨ ᠬᠢᠬᠦ ᠳᠠᠳᠬᠠᠯ᠎ᠠᠴᠠ ᠭᠠᠳᠠᠨ᠎ᠠ᠂ ᠥᠮᠡᠨ᠎ᠤ ᠡᠰ᠎ᠨᠢ ᠪᠠᠰᠠ ᠡᠳᠡᠭᠡᠷ ᠳᠠᠳᠬᠠᠯ᠎ᠠᠴᠠ ᠠᠶᠤᠳᠠᠭ᠃

      1. ᠥᠮᠡᠨ᠎ᠤ ᠡᠰ᠎ᠨᠢ ᠰᠠᠶ᠋ᠢᠨ ᠤᠨᠲᠠᠬᠤ᠎ᠠᠴᠠ ᠠᠶᠤᠳᠠᠭ

      2. ᠥᠮᠡᠨ᠎ᠤ ᠡᠰ᠎ᠨᠢ ᠡᠷᠲᠡ ᠲᠠᠮᠠᠬᠢ ᠵᠣᠭᠰᠣᠬᠤ᠎ᠠᠴᠠ ᠠᠶᠤᠳᠠᠭ

      3. ᠥᠮᠡᠨ᠎ᠤ ᠡᠰ᠎ᠨᠢ ᠰᠡᠳᠬᠢᠯ᠎ᠤᠨ ᠪᠠᠢ᠌ᠳᠠᠯ ᠰᠠᠶ᠋ᠢᠨ ᠪᠠᠶ᠋ᠢᠬᠤ᠎ᠠᠴᠠ ᠠᠶᠤᠳᠠᠭ

      4. ᠥᠮᠡᠨ᠎ᠤ ᠡᠰ᠎ᠨᠢ ᠮᠢᠬ᠎ᠠ ᠲᠣᠰᠣ ᠦᠬᠡᠢ ᠬᠤᠭᠤᠯᠠ ᠢᠳᠡᠬᠦ᠎ᠠᠴᠠ ᠠᠶᠤᠳᠠᠭ

      5. ᠥᠮᠡᠨ᠎ᠤ ᠡᠰ᠎ᠨᠢ ᠨᠠᠢ᠍ᠮᠠᠨ ᠬᠤᠪᠢ ᠴᠠᠳᠬᠤ᠎ᠠᠴᠠ ᠠᠶᠤᠳᠠᠭ

      6. ᠥᠮᠡᠨ᠎ᠤ ᠡᠰ᠎ᠨᠢ ᠪᠡᠶ᠎ᠡ ᠵᠢᠨ ᠪᠠᠶ᠋ᠢᠴᠠᠭ᠋ᠠᠯᠲᠠ ᠬᠢᠬᠦ᠎ᠠᠴᠠ ᠠᠶᠤᠳᠠᠭ


ᠢᠷᠡᠯᠲᠡ᠄ ᠠᠷᠠᠳ᠎ᠤᠨ ᠰᠦᠯᠵᠢᠶ᠎ᠡ