ᠬᠠᠲᠠᠭᠤ ᠮᠤᠳᠤᠨ ᠣᠷᠣ ᠳᠡᠭᠡᠷ᠎ᠡ ᠤᠨᠲᠠᠬᠤ᠎ᠪᠠᠨ ᠪᠣᠯᠢᠭ᠋ᠠᠴᠢ᠂ ᠦᠨᠡᠬᠡᠷ ᠨᠢᠷᠤᠭᠤᠳᠤ ᠮᠠᠭᠤ ᠰᠢᠦ!
ᠨᠡᠶ᠋ᠢᠲᠡᠯᠡᠭᠰᠡᠨ ᠴᠠᠭ᠄ 2024-08-29
《ᠬᠠᠲᠠᠭᠤ ᠮᠤᠳᠤᠨ ᠣᠷᠣ ᠳᠡᠭᠡᠷ᠎ᠡ ᠤᠨᠲᠠᠬᠤ》 ᠭᠡᠬᠦ ᠡᠨᠡ ᠬᠦ᠌ 《ᠣᠨᠣᠯ》 ᠪᠣᠯ ᠪᠦᠰᠡᠯᠡᠭᠦᠷ ᠨᠢᠷᠤᠭᠤᠨ᠎ᠤ ᠰᠡᠭᠡᠷ᠎ᠤᠨ ᠲᠠᠪᠠᠭ ᠳᠣᠪᠣᠶ᠋ᠢᠭᠰᠠᠨ ᠭᠡᠮ᠎ᠢ ᠵᠠᠰᠠᠬᠤ ᠨᠡᠯᠢᠶᠡᠳ ᠡᠷᠳᠡᠨ᠎ᠤ ᠠᠷᠭ᠎ᠠ ᠪᠠᠷᠢᠯ᠎ᠤᠨ ᠦᠷᠭᠦᠯᠵᠢᠯᠡᠯ ᠪᠤᠯᠤᠨ᠎ᠠ᠂ ᠭᠡᠲᠡᠯ᠎ᠡ ᠣᠷᠴᠢᠮ᠎ᠤᠨ ᠬᠡᠳᠦᠨ ᠵᠢᠯ᠎ᠤᠨ ᠣᠯᠠᠩᠬᠢ ᠬᠠᠮᠢᠶ᠎ᠠ ᠪᠦᠬᠦᠢ ᠰᠤᠳᠤᠯᠭ᠋ᠠᠨ᠎ᠳᠤ ᠪᠦᠷ 《ᠬᠠᠳᠠᠭᠤᠪᠳᠤᠷ ᠣᠷᠣ ᠵᠢᠨ ᠳᠡᠪᠢᠰᠬᠡᠷ (中等硬度的床垫) ᠢ ᠬᠠᠮᠤᠭ ᠲᠡᠷᠢᠭᠦᠨ᠎ᠳᠤ ᠰᠣᠩᠭᠣᠬᠤ ᠬᠡᠷᠡᠭᠲᠡᠢ》 ᠭᠡᠵᠦ ᠲᠤᠷᠠᠳᠤᠬᠰᠠᠨ ᠪᠠᠢ᠌ᠨ᠎ᠠ᠃
ᠡᠷᠡᠭᠦᠯ ᠬᠥᠮᠦᠨ᠎ᠤ ᠪᠠᠭ᠋ᠠᠨ᠎ᠠ ᠨᠢᠷᠤᠭᠤᠳᠤ 《S》 ᠬᠡᠯᠪᠡᠷᠢ ᠵᠢᠨ ᠹᠢᠽᠢᠣᠯᠣᠭᠢ ᠵᠢᠨ ᠮᠤᠷᠤᠢ ᠱᠤᠭᠤᠮ᠎ᠲᠠᠢ ᠪᠠᠢ᠌ᠳᠠᠭ ᠪᠤᠯᠬᠤᠷ ᠳᠡᠭᠡᠭᠰᠢ ᠬᠠᠨᠳᠤᠨ ᠬᠠᠲᠠᠭᠤ ᠮᠤᠳᠤᠨ ᠣᠷᠣ ᠳᠡᠭᠡᠷ᠎ᠡ ᠤᠨᠲᠠᠪᠠᠯ᠂ ᠬᠥᠮᠦᠨ᠎ᠤ ᠨᠢᠷᠤᠭᠤᠨ᠎ᠤ ᠬᠡᠰᠡᠭ ᠬᠦᠨᠳᠡᠢ ᠲᠤᠰᠴᠤ᠂ ᠪᠦᠰᠡᠯᠡᠭᠦᠷ ᠨᠢᠷᠤᠭᠤ᠎ᠨᠢ ᠵᠣᠬᠢᠬᠤ ᠬᠡᠮᠵᠢᠶ᠎ᠡ᠎ᠪᠠᠷ ᠣᠷᠣ ᠳᠡᠭᠡᠷ᠎ᠡ ᠨᠠᠭ᠋ᠠᠯᠳᠤᠬᠤ ᠪᠠ ᠲᠤᠯᠬᠤ ᠵᠢᠨ ᠠᠷᠭ᠎ᠠ ᠦᠭᠡᠢ ᠪᠤᠯᠳᠠᠭ᠂ ᠤᠨᠲᠠᠬᠤ ᠵᠢᠨ ᠦᠶ᠎ᠡ᠎ᠳᠤ ᠬᠡᠰᠡᠨ ᠪᠦᠰᠡᠯᠡᠭᠦᠷ᠎ᠤᠨ ᠲᠣᠭᠣᠷᠢᠨ᠎ᠤ ᠪᠤᠯᠴᠢᠩ ᠮᠥᠨ ᠬᠦ᠌ ᠠᠵᠢᠯᠯᠠᠵᠤ ᠪᠦᠰᠡᠯᠡᠭᠦᠷ ᠨᠢᠷᠤᠭᠤ ᠮᠤᠷᠤᠶ᠋ᠢᠯᠲᠠ ᠵᠢ ᠲᠤᠯᠵᠤ ᠪᠠᠢ᠌ᠳᠠᠭ᠂ ᠤᠷᠲᠤ ᠬᠤᠭᠤᠴᠠᠭ᠎ᠠ ᠪᠣᠯᠪᠠᠯ ᠪᠦᠰᠡᠯᠡᠭᠦᠷ ᠬᠡᠰᠡᠭ᠎ᠤᠨ ᠪᠤᠯᠴᠢᠩ ᠰᠤᠯᠠᠷᠠᠬᠤ ᠵᠢᠨ ᠠᠷᠭ᠎ᠠ ᠦᠭᠡᠢ ᠪᠣᠯᠵᠤ᠂ ᠲᠡᠷᠡᠴᠢᠯᠡᠨ ᠴᠢᠩᠭ᠋ᠠᠷᠠᠵᠤ ᠱᠠᠷᠬᠢᠷᠠᠨ ᠡᠪᠡᠳᠬᠦ᠂ ᠪᠠᠭ᠋ᠠᠨ᠎ᠠ ᠨᠢᠷᠤᠭᠤ ᠬᠥᠰᠢᠵᠦ ᠬᠠᠲᠠᠭᠤᠷᠠᠬᠤ ᠵᠡᠷᠭᠡ ᠪᠠᠶ᠋ᠢᠳᠠᠯ ᠭᠠᠷᠴᠤ᠂ ᠡᠭᠦᠨ᠎ᠤ ᠤᠯᠠᠮ ᠵᠢᠨᠷ ᠵᠦᠳᠡᠷᠡᠯ᠎ᠤᠨ ᠭᠡᠮᠲᠦᠯ ᠪᠤᠶᠤ ᠪᠠᠭ᠋ᠠᠨ᠎ᠠ ᠨᠢᠷᠤᠭᠤᠨ᠎ᠤ ᠮᠤᠷᠤᠶ᠋ᠢᠯᠲᠠ ᠠᠰᠬᠠᠨ ᠪᠣᠯᠬᠤ ᠵᠡᠷᠭᠡ ᠪᠠᠶ᠋ᠢᠳᠠᠯ ᠭᠠᠷᠳᠠᠭ᠃
ᠡᠭᠦᠨ᠎ᠠᠴᠠ ᠭᠠᠳᠠᠨ᠎ᠠ᠂ ᠬᠠᠲᠠᠭᠤ ᠮᠤᠳᠤᠨ ᠣᠷᠣᠨ᠎ᠢ ᠵᠣᠬᠢᠬᠤ ᠬᠡᠮᠵᠢᠶᠡᠨ ᠳᠡᠭᠡᠷ᠎ᠡ ᠬᠥᠮᠦᠨ᠎ᠤ ᠪᠡᠶ᠎ᠡ ᠵᠢᠨ ᠶᠠᠰᠤᠨ᠎ᠤ ᠪᠦᠲᠦᠴᠡ ᠵᠢᠨ ᠭᠦᠳᠦᠶ᠋ᠢᠵᠦ ᠭᠠᠷᠤᠭᠰᠠᠨ ᠬᠡᠰᠡᠭ᠎ᠲᠤ ᠨᠡᠩ ᠶᠡᠬᠡ ᠳᠠᠷᠤᠯᠲᠠ ᠥᠭᠴᠦ ᠮᠡᠳᠡᠨ᠎ᠡ᠂ ᠡᠭᠦᠨ᠎ᠳᠤ ᠮᠥᠷᠥ ᠵᠢᠨ ᠦᠶ᠎ᠡ᠂ ᠠᠭ᠋ᠠᠷᠴᠠᠭ ᠵᠡᠷᠭᠡ ᠬᠡᠰᠡᠭ ᠪᠠᠭᠲᠠᠨ᠎ᠠ᠂ ᠡᠳᠡᠭᠡᠷ᠎ᠨᠢ ᠤᠷᠲᠤ ᠬᠤᠭᠤᠴᠠᠭ᠎ᠠ᠎ᠪᠠᠷ ᠳᠠᠷᠤᠭᠳᠠᠭᠰᠠᠨ᠎ᠠᠴᠠ ᠪᠣᠯᠵᠤ ᠴᠢᠰᠤᠨ ᠡᠷᠭᠢᠯᠲᠡ ᠮᠠᠭᠤᠳᠠᠬᠤ ᠵᠢᠨ ᠤᠯᠠᠮ ᠵᠢᠨᠷ ᠲᠠᠷᠤᠵᠤ ᠡᠪᠡᠳᠬᠦ᠂ ᠮᠢᠨᠴᠦᠭᠦᠷᠡᠬᠦ ᠵᠡᠷᠭᠡ ᠡᠪ ᠦᠭᠡᠢ ᠪᠠᠢ᠌ᠳᠠᠯ ᠭᠠᠷᠳᠠᠭ᠃
ᠭᠡᠪᠡᠴᠦ ᠪᠠᠰᠠ ᠠᠡᠭᠬᠠᠷᠤᠭᠤᠰᠢᠳᠠᠢ ᠵᠦᠢ᠍ᠯ ᠭᠡᠪᠡᠯ᠂ ᠬᠡᠳᠦᠶ᠋ᠢᠪᠡᠷ ᠵᠥᠭᠡᠯᠡᠨ ᠣᠷᠣ ᠵᠢᠨ ᠳᠡᠪᠢᠰᠬᠡᠷ᠎ᠢ ᠬᠡᠷᠡᠭᠯᠡᠪᠡᠯ ᠬᠦᠮᠦᠨ᠎ᠤ ᠪᠡᠶ᠎ᠡ ᠤᠷᠤ᠎ᠲᠠᠢ ᠨᠠᠭ᠋ᠠᠯᠳᠤᠬᠤᠪᠠᠷ ᠬᠠᠮᠤᠭ᠎ᠤᠨ ᠶᠡᠬᠡ᠂ ᠣᠷᠣ ᠪᠣᠯᠤᠨ ᠬᠦᠮᠦᠨ᠎ᠤ ᠪᠡᠶ᠎ᠡ ᠭᠦᠢ᠍ᠴᠡᠳ ᠬᠦᠷᠦᠯᠴᠡᠵᠦ ᠠᠮᠤᠷ ᠲᠦᠪᠰᠢᠨ ᠵᠢᠨᠷ ᠤᠨᠳᠠᠬᠤ ᠰᠡᠷᠡᠭᠳᠡᠯᠢ ᠨᠡᠮᠡᠭᠳᠡᠭᠦᠯᠳᠡᠭ ᠪᠣᠯᠪᠠᠴᠤ᠂ ᠲᠤᠰ ᠪᠠᠶ᠋ᠢᠳᠠᠯ ᠳᠣᠣᠷ᠎ᠠ ᠶᠠᠮᠠᠷ ᠨᠢᠭᠡᠨ ᠵᠦᠢ᠍ᠯ᠎ᠤᠨ ᠤᠨᠲᠠᠬᠤ ᠬᠡᠯᠪᠡᠷᠢ ᠵᠢ ᠰᠣᠩᠭᠣᠭᠰᠠᠨ ᠴᠤ᠌ ᠪᠦᠷ ᠭᠦᠢ᠍ᠴᠡᠳ ᠳᠠᠭ᠋ᠠᠭ᠋ᠠᠴᠠ ᠳᠤᠲᠠᠭᠳᠠᠭᠰᠠᠨ᠎ᠠᠴᠠ ᠪᠣᠯᠵᠤ ᠬᠦᠮᠦᠨ᠎ᠤ ᠪᠡᠶ᠎ᠡ ᠵᠢᠨ ᠳᠤᠮᠳᠠ ᠬᠡᠰᠡᠭ ᠲᠤᠷᠤᠬᠰᠢ ᠰᠢᠬᠢᠳᠦᠵᠦ᠂ ᠪᠡᠶ᠎ᠡ᠎ᠨᠢ ᠨᠤᠮᠤᠯᠵᠢᠨ ᠬᠡᠯᠪᠡᠷᠢ᠎ᠲᠠᠢ ᠪᠤᠯᠳᠠᠭ᠂ ᠡᠢ᠌ᠮᠦ᠎ᠠᠴᠠ ᠮᠥᠨ ᠯᠡ ᠪᠠᠭ᠋ᠠᠨ᠎ᠠ ᠨᠢᠷᠤᠭᠤᠨ᠎ᠤ ᠬᠡᠪ᠎ᠤᠨ ᠹᠢᠽᠢᠣᠯᠣᠭᠢ ᠵᠢᠨ ᠮᠤᠷᠤᠶ᠋ᠢᠯᠲᠠ᠎ᠪᠠᠨ ᠪᠠᠲᠤᠯᠠᠵᠦ ᠴᠢᠳᠠᠳᠠᠭ ᠦᠭᠡᠢ᠂ ᠲᠡᠷᠡᠴᠢᠯᠡᠨ ᠨᠢᠷᠤᠭᠤᠨ᠎ᠤ ᠲᠣᠭᠣᠷᠢᠨ᠎ᠤ ᠪᠤᠯᠴᠢᠩ ᠴᠤ᠌ ᠰᠠᠶ᠋ᠢᠨ ᠠᠮᠠᠷᠠᠵᠤ ᠳᠡᠶ᠋ᠢᠯᠬᠦ ᠦᠭᠡᠢ᠎ᠠᠴᠠ ᠪᠣᠯᠵᠤ ᠱᠠᠷᠬᠢᠷᠠᠵᠤ ᠡᠪᠡᠳᠬᠦ ᠪᠤᠶᠤ ᠵᠦᠳᠡᠷᠡᠯ᠎ᠤᠨ ᠭᠡᠮᠲᠦᠯ ᠡᠭᠦᠰᠳᠡᠭ᠃
ᠪᠠᠰᠠ ᠨᠢᠭᠡ ᠬᠠᠮᠤᠭ ᠴᠢᠬᠤᠯᠠ ᠵᠦᠢ᠍ᠯ ᠭᠡᠪᠡᠯ᠂ ᠶᠡᠬᠡ ᠬᠡᠮᠵᠢᠶᠡᠨ᠎ᠤ ᠰᠤᠳᠤᠯᠭ᠋ᠠᠨ᠎ᠳᠤ᠂ ᠬᠠᠲᠠᠭᠤ ᠮᠤᠳᠤᠨ ᠣᠷᠣ ᠪᠤᠶᠤ ᠬᠡᠳᠦ ᠵᠥᠭᠡᠯᠡᠨ ᠣᠷᠣ ᠵᠢᠨ ᠳᠡᠪᠢᠰᠬᠡᠷ᠎ᠨᠢ ᠴᠦᠮ ᠤᠨᠲᠠᠭᠰᠠᠳ᠎ᠤᠨ ᠪᠡᠶᠡᠴᠢ ᠲᠠᠯ᠎ᠠ ᠵᠢᠨ ᠲᠠᠭ᠋ᠠᠯᠠᠮᠵᠢ᠎ᠪᠠᠷ ᠠᠨᠠᠢ ᠪᠠᠶ᠋ᠢᠳᠠᠭ᠂ ᠦᠭᠡᠷ᠎ᠡ᠎ᠪᠠᠷ ᠬᠡᠯᠡᠪᠡᠯ ᠬᠠᠲᠠᠭᠤ ᠪᠤᠶᠤ ᠬᠡᠳᠦ ᠵᠥᠭᠡᠯᠡᠨ ᠣᠷᠣ ᠳᠡᠭᠡᠷ᠎ᠡ ᠤᠨᠲᠠᠪᠠᠯ ᠪᠦᠷ ᠲᠠᠭ᠋ᠠᠯᠠᠮᠵᠢ ᠦᠭᠡᠢ ᠪᠠᠢ᠌ᠳᠠᠭ ᠭᠡᠵᠦ ᠦᠵᠡᠵᠦ ᠪᠠᠢ᠌ᠨ᠎ᠠ᠃
ᠢᠷᠡᠯᠲᠡ᠄ ᠠᠷᠠᠳ᠎ᠤᠨ ᠰᠦᠯᠵᠢᠶ᠎ᠡ