ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠤᠨᠳᠠᠬᠤ ᠦᠶ᠎ᠡ ᠵᠢᠨ ᠨᠢᠭᠡᠨ ᠬᠤᠪᠢᠷᠠᠯᠲᠠ᠎ᠨᠢ ᠦᠳᠡᠯᠬᠦ ᠵᠢᠨ ᠳᠣᠬᠢᠶ᠎ᠠ ᠪᠠᠶ᠋ᠢᠵᠤ ᠮᠡᠳᠡᠨ᠎ᠡ᠂ ᠮᠠᠭᠤ ᠡᠷᠭᠢᠯᠲᠡ᠎ᠨᠢ ᠦᠳᠡᠯᠬᠦ ᠵᠢ ᠲᠦᠷᠭᠡᠳᠭᠡᠨ᠎ᠡ!

ᠨᠡᠶ᠋ᠢᠲᠡᠯᠡᠭᠰᠡᠨ ᠴᠠᠭ᠄   2024-08-29

       ᠡᠮᠴᠢᠯᠡᠭᠡᠨ᠎ᠤ ᠠᠨᠠᠭ᠋ᠠᠬᠤ ᠤᠬᠠᠭ᠋ᠠᠨ᠎ᠤ ᠲᠠᠯ᠎ᠠ᠎ᠠᠴᠠ ᠠᠪᠴᠤ ᠬᠡᠯᠡᠪᠡᠯ ᠥᠷᠯᠥᠭᠡ ᠡᠷᠲᠡ ᠵᠢᠨ 2᠎ᠠᠴᠠ 4 ᠴᠠᠭ᠎ᠲᠤ ᠰᠡᠷᠢᠵᠦ᠂ ᠰᠡᠷᠭᠦᠭᠰᠡᠨ᠎ᠤ ᠰᠡᠭᠦᠯᠡᠷ ᠳᠠᠬᠢᠨ ᠤᠨᠲᠠᠵᠤ ᠴᠢᠳᠠᠬᠤ ᠦᠭᠡᠢ ᠦᠵᠡᠭᠳᠡᠯ᠎ᠢ 《ᠡᠷᠲᠡ ᠰᠡᠷᠢᠬᠦ》 ᠭᠡᠳᠡᠭ᠃ ᠬᠠᠶᠠ ᠵᠠᠷᠢᠮ᠎ᠳᠠᠭᠠᠨ ᠡᠷᠲᠡ ᠰᠡᠷᠢᠬᠦ᠎ᠨᠢ ᠬᠦᠮᠦᠨ᠎ᠤ ᠪᠡᠶ᠎ᠡ ᠦᠳᠡᠯᠬᠦ ᠵᠢᠨ ᠬᠡᠪ᠎ᠤᠨ ᠢᠯᠡᠷᠡᠯ ᠪᠤᠯᠤᠨ᠎ᠠ᠂ ᠤᠷᠲᠤ ᠬᠤᠭᠤᠴᠠᠭ᠎ᠠ᠎ᠪᠠᠷ ᠡᠷᠲᠡ ᠰᠡᠷᠢᠬᠦ᠎ᠠᠴᠠ ᠪᠤᠯᠵᠤ ᠪᠠᠰᠠ ᠪᠡᠶ᠎ᠡ ᠡᠪ ᠦᠭᠡᠶ᠋ᠢᠷᠡᠬᠦ ᠪᠠᠶ᠋ᠢᠳᠠᠯ ᠭᠠᠷᠬᠤ᠂ ᠲᠤᠬᠠᠶ᠋ᠢᠯᠠᠪᠠᠯ ᠵᠢᠷᠦᠬᠡ ᠲᠡᠯᠡᠰᠬᠦ᠂ ᠴᠡᠭᠡᠵᠢ ᠪᠢᠲᠡᠭᠦᠷᠡᠬᠦ᠂ ᠰᠠᠭᠤᠯᠭ᠋ᠠᠬᠤ ᠵᠡᠷᠭᠡ ᠪᠠᠶ᠋ᠢᠳᠠᠯ ᠭᠠᠷᠴᠤ ᠮᠡᠳᠡᠨ᠎ᠡ᠂ ᠡᠨᠡ᠎ᠨᠢ ᠠᠮᠢᠳᠤᠷᠠᠯ᠎ᠤᠨ ᠴᠢᠨᠠᠷ ᠴᠢᠨᠰᠠᠭ᠎ᠠ᠎ᠨᠢ ᠬᠦᠨᠳᠦ ᠨᠣᠴᠢᠲᠠᠢ ᠨᠥᠯᠦᠭᠡᠯᠡᠳᠡᠭ᠃ ᠵᠠᠷᠢᠮ ᠬᠦᠮᠦᠨ ᠡᠷᠲᠡ ᠰᠡᠷᠢᠭᠡᠳ ᠳᠠᠬᠢᠨ ᠤᠨᠳᠠᠵᠤ ᠲᠡᠶ᠋ᠢᠯᠬᠦ ᠦᠭᠡᠢ᠂ ᠤᠷᠳᠤ ᠬᠤᠭᠤᠴᠠᠭ᠎ᠠ᠎ᠪᠠᠷ ᠨᠦᠢ᠍ᠷ ᠠᠯᠳᠠᠳᠠᠭ᠃ ᠰᠠᠶ᠋ᠢᠳᠤᠷ ᠤᠨᠳᠠᠵᠤ ᠲᠡᠶ᠋ᠢᠯᠬᠦ ᠦᠭᠡᠢ ᠪᠤᠯ ᠨᠦᠢ᠍ᠷ ᠬᠦᠷᠬᠦ᠂ ᠣᠶᠤᠨ ᠰᠠᠨᠠᠭ᠎ᠠ᠎ᠨᠢ ᠳᠣᠷᠣᠢ ᠪᠠᠭᠤᠷᠠᠢ ᠪᠤᠯᠬᠤ ᠪᠦᠭᠡᠳ ᠪᠠᠰᠠ ᠦᠳᠡᠯᠬᠦ ᠵᠢ ᠲᠦᠷᠭᠡᠳᠬᠡᠵᠦ ᠮᠡᠳᠡᠨ᠎ᠡ᠃ 2024 ᠣᠨ᠎ᠤ 3 ᠰᠠᠷ᠎ᠠ᠎ᠳᠤ᠂ ᠴᠢᠩᠬᠤᠸᠠ ᠶᠡᠭᠡ ᠰᠤᠷᠭ᠋ᠠᠭᠤᠯᠢ ᠵᠢᠨ ᠪᠡᠶ᠎ᠡ ᠵᠢᠨ ᠲᠠᠮᠢᠷ᠎ᠤᠨ ᠬᠡᠯᠳᠡᠰ᠎ᠤᠨ ᠰᠤᠳᠤᠯᠤᠬ᠍ᠴᠢ ᠵᠢᠨ 《ᠰᠢᠨᠵᠢᠯᠡᠬᠦ ᠤᠬᠠᠭ᠋ᠠᠨ᠎ᠤ ᠮᠡᠳᠡᠬᠦᠯᠦᠯᠳᠡ》 ᠰᠡᠳᠬᠦᠯ ᠲᠡᠭᠡᠷ᠎ᠡ ᠨᠡᠶ᠋ᠢᠳᠡᠯᠡᠭᠰᠡᠨ ᠰᠤᠳᠤᠯᠭ᠋ᠠᠨ᠎ᠳᠤ᠂ 7 ᠴᠠᠭ ᠤᠨᠳᠠᠪᠠᠯ ᠤᠷᠳᠤ ᠨᠠᠰᠤᠯᠠᠨ᠎ᠠ᠂ ᠬᠡᠳᠤ ᠤᠷᠳᠤ ᠴᠠᠭ ᠤᠨᠳᠠᠬᠤ ᠪᠠ ᠭᠡᠳᠦ ᠤᠬᠤᠷ ᠴᠠᠭ ᠤᠨᠳᠠᠬᠤ᠎ᠨᠢ ᠪᠦᠷ ᠢᠯᠡᠷᠡᠯ᠎ᠤᠨ ᠴᠢᠨᠠᠷᠳᠠᠢ ᠨᠠᠰᠤ ᠵᠢ ᠨᠡᠮᠡᠭᠳᠡᠬᠦᠯᠵᠦ᠂ ᠠᠮᠢᠳᠤ ᠪᠤᠳᠠᠰ᠎ᠤᠨ ᠤᠬᠠᠭ᠋ᠠᠨ᠎ᠤ ᠦᠳᠡᠯᠦᠬᠡ ᠨᠠᠰᠤ ᠵᠢ ᠠᠬᠢᠭᠤᠯᠳᠠᠭ᠃ ᠬᠦᠮᠦᠨ ᠤᠨᠳᠠᠬᠰᠠᠨ ᠦᠶ᠎ᠡ᠎ᠳᠤ ᠰᠠᠶᠢ ᠠᠷᠠᠰᠤ ᠮᠢᠬ᠎ᠠ ᠪᠡᠶ᠎ᠡ ᠴᠤᠬ᠍ᠴᠠᠰ᠎ᠤᠨ ᠵᠶ᠋ᠠᠨ ᠲᠠᠮᠢᠷ᠎ᠢ ᠨᠦᠬᠦᠨ ᠰᠢᠨᠡᠳᠬᠡᠳᠡᠭ᠃ ᠤᠷᠲᠤ ᠬᠤᠭᠤᠴᠠᠭ᠎ᠠ᠎ᠪᠠᠷ ᠤᠨᠳᠠᠵᠦ ᠲᠡᠶ᠋ᠢᠯᠬᠦ ᠦᠭᠡᠢ ᠨᠦᠢ᠍ᠷ ᠠᠯᠳᠠᠬᠤ᠎ᠳᠤ ᠬᠦᠷᠪᠡᠯ ᠠᠶᠠᠨᠳᠠᠭ᠋ᠠᠨ ᠲᠦᠷᠭᠡᠨ ᠦᠳᠡᠯᠬᠦ᠎ᠨᠢ ᠲᠦᠷᠭᠡᠳᠦᠨ᠎ᠡ ᠬᠡᠪᠡ᠃

ᠢᠷᠡᠯᠲᠡ᠄ ᠠᠷᠠᠳ᠎ᠤᠨ ᠰᠦᠯᠵᠢᠶ᠎ᠡ