ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠦᠷᠪᠢᠰᠦᠨ ᠳᠡᠯᠭᠡᠷᠡᠬᠦ ᠠᠶᠤᠯ ᠲᠦᠭᠰᠢᠭᠦᠷᠢ ᠣᠷᠣᠰᠢᠵᠤ ᠪᠠᠢ᠌ᠨ᠎ᠠ! ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ ᠪᠦᠬᠦ ᠪᠥᠮᠪᠥᠷᠴᠡᠭ᠎ᠤᠨ ᠪᠠᠢ᠌ᠯᠳᠤᠬᠤ ᠪᠣᠳᠣᠯᠭ᠎ᠠ ᠵᠢᠨ ᠪᠡᠯᠡᠳᠬᠡᠯ ᠬᠢᠵᠦ ᠪᠠᠢ᠌ᠨ᠎ᠠ

ᠨᠡᠶ᠋ᠢᠲᠡᠯᠡᠭᠰᠡᠨ ᠴᠠᠭ᠄   2024-08-28

      ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ ᠲᠣᠰ ᠰᠠᠷ᠎ᠠ᠎ᠳᠤ ᠰᠠᠷᠮᠠᠭᠴᠢᠨ᠎ᠤ ᠪᠤᠳᠤ ᠡᠪᠡᠳᠴᠢᠨ᠎ᠤ ᠬᠢᠵᠢᠭ᠎ᠤᠨ ᠪᠠᠢ᠌ᠳᠠᠯ᠎ᠢ 《ᠣᠯᠠᠨ ᠤᠯᠤᠰ᠎ᠤᠨ ᠠᠩᠬᠠᠷᠤᠯ ᠲᠠᠯᠪᠢᠵᠤ ᠪᠠᠢ᠌ᠭ᠎ᠠ ᠣᠯᠠᠨ ᠨᠡᠶ᠋ᠢᠲᠡ ᠵᠢᠨ ᠡᠷᠡᠭᠦᠯ ᠬᠠᠮᠠᠭ᠋ᠠᠯᠠᠯ᠎ᠤᠨ ᠭᠡᠨᠡᠳᠲᠡ ᠵᠢᠨ ᠬᠡᠷᠡᠭ》 ᠪᠣᠯᠭ᠋ᠠᠵᠤ᠂ ᠰᠠᠷᠮᠠᠭᠴᠢᠨ᠎ᠤ ᠪᠤᠳᠤ ᠡᠪᠡᠳᠴᠢᠨ᠎ᠤ ᠬᠢᠵᠢᠭ ᠦᠷᠪᠢᠰᠦᠨ ᠳᠡᠯᠭᠡᠷᠡᠬᠦ ᠲᠦᠭᠰᠢᠭᠦᠷᠢ ᠣᠷᠣᠰᠢᠵᠤ ᠪᠠᠢ᠌ᠨ᠎ᠠ ᠭᠡᠵᠡᠢ᠃ ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ 8 ᠰᠠᠷ᠎ᠠ ᠵᠢᠨ 26᠎ᠤ ᠡᠳᠦᠷ ᠪᠦᠬᠦ ᠪᠥᠮᠪᠥᠷᠴᠡᠭ᠎ᠤᠨ ᠪᠠᠢ᠌ᠯᠳᠤᠬᠤ ᠪᠣᠳᠣᠯᠭ᠎ᠠ ᠵᠢᠨ ᠪᠡᠯᠡᠳᠬᠡᠯ ᠪᠠ ᠠᠷᠭ᠋ᠠᠴᠠᠬᠤ ᠲᠥᠯᠥᠪᠯᠡᠭᠡ ᠵᠢ ᠡᠬᠢᠯᠡᠨ ᠬᠡᠷᠡᠭᠵᠢᠭᠦᠯᠵᠦ᠂ ᠪᠦᠬᠦ ᠪᠥᠮᠪᠥᠷᠴᠡᠭ᠂ ᠭᠠᠵᠠᠷ ᠣᠷᠣᠨ ᠪᠠ ᠤᠯᠤᠰ᠎ᠨᠤᠭᠤᠳ᠎ᠤᠨ ᠴᠢᠷᠮᠠᠢ᠌ᠯᠭ᠎ᠠ᠎ᠪᠠᠷ ᠳᠠᠮᠵᠢᠭᠤᠯᠤᠨ᠂ ᠰᠠᠷᠮᠠᠭᠴᠢᠨ᠎ᠤ ᠪᠤᠳᠤ ᠡᠪᠡᠳᠴᠢᠨ᠎ᠤ ᠬᠢᠵᠢᠭ ᠬᠥᠮᠥᠰ᠎ᠤᠨ ᠬᠣᠭᠣᠷᠣᠨᠳᠤ ᠳᠡᠯᠭᠡᠷᠡᠬᠦ ᠵᠢ ᠬᠣᠷᠢᠭᠯᠠᠬᠤ᠎ᠪᠠᠷ ᠴᠢᠷᠮᠠᠢ᠌ᠵᠤ ᠪᠠᠢ᠌ᠨ᠎ᠠ᠃

      ᠲᠠᠨᠢᠯᠴᠠᠭᠤᠯᠤᠭᠰᠠᠨ ᠵᠶ᠋ᠠᠷ᠂ ᠲᠣᠰ ᠲᠥᠯᠥᠪᠯᠡᠭᠡ᠎ᠨᠢ 2024 ᠣᠨ᠎ᠤ 9 ᠰᠠᠷ᠎ᠠ᠎ᠠᠴᠠ 2025 ᠣᠨ᠎ᠤ 2 ᠰᠠᠷ᠎ᠠ ᠪᠣᠯᠲᠠᠯᠠᠬᠢ 6 ᠰᠠᠷ᠎ᠠ ᠵᠢ ᠬᠠᠮᠤᠷᠴᠤ᠂ ᠵᠢᠱ᠌ᠢᠯᠲᠡ᠎ᠪᠠᠷ 1.35 ᠳ᠋ᠦᠩᠰᠢᠭᠤᠷ ᠳ᠋ᠣᠯᠯᠠᠷ᠎ᠤᠨ ᠠᠷᠭ᠋ᠠᠴᠠᠬᠤ ᠪᠡᠯᠡ ᠮᠥᠩᠭᠥ ᠤᠷᠤᠨ᠎ᠠ᠃ ᠲᠤᠰ ᠲᠥᠯᠥᠪᠯᠡᠭᠡ ᠵᠢ ᠬᠡᠷᠡᠭᠵᠢᠭᠦᠯᠬᠦ ᠬᠡᠷᠡᠭᠴᠡᠭᠡ ᠵᠢ ᠬᠠᠩᠭ᠋ᠠᠬᠤ ᠵᠢᠨ ᠲᠥᠯᠥᠭᠡ᠂ ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ᠎ᠠᠴᠠ ᠪᠡᠯᠡ ᠮᠥᠩᠭᠥ ᠴᠤᠭᠯᠠᠭᠤᠯᠬᠤ ᠤᠷᠢᠶᠠᠯᠠᠭ᠎ᠠ ᠭᠠᠷᠭ᠋ᠠᠪᠠ᠃

      ᠲᠣᠰ ᠲᠥᠯᠥᠪᠯᠡᠭᠡ᠎ᠨᠢ ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ ᠵᠢᠨ ᠶᠡᠷᠦᠩᠬᠡᠢ ᠠᠵᠢᠯᠯᠠᠭᠴᠢ ᠵᠢᠨ ᠨᠡᠢ᠌ᠲᠡᠯᠡᠭᠰᠡᠨ ᠲᠦᠷ ᠴᠠᠭ᠎ᠤᠨ ᠰᠠᠨᠠᠭᠤᠯᠭ᠎ᠠ ᠪᠠ ᠣᠷᠳᠣ ᠬᠤᠭᠤᠴᠠᠭ᠋ᠠᠨ᠎ᠤ ᠰᠠᠨᠠᠭᠤᠯᠭ᠎ᠠ᠎ᠪᠠᠷ ᠰᠠᠭᠤᠷᠢ ᠪᠣᠯᠭ᠋ᠠᠵᠤ᠂ ᠪᠥᠬᠥ ᠲᠠᠯ᠎ᠠ᠎ᠪᠠᠷ ᠬᠢᠨᠠᠨ ᠬᠡᠮᠵᠢᠬᠦ᠂ ᠤᠷᠢᠳᠴᠢᠯᠠᠨ ᠰᠡᠷᠭᠡᠢ᠌ᠯᠡᠬᠦ᠂ ᠪᠡᠯᠡᠳᠬᠡᠬᠦ ᠪᠠ ᠠᠷᠭ᠋ᠠᠴᠠᠬᠤ ᠪᠠᠢ᠌ᠯᠳᠤᠬᠤ ᠪᠣᠳᠣᠯᠭ᠎ᠠ ᠵᠢ ᠬᠡᠷᠡᠭᠵᠢᠭᠦᠯᠬᠦ᠎ᠪᠠᠷ ᠭᠣᠣᠯᠳᠠᠯᠭ᠎ᠠ ᠪᠣᠯᠭ᠋ᠠᠨ᠎ᠠ; ᠣᠨᠣᠰᠢᠯᠠᠵᠤ ᠰᠢᠯᠭ᠋ᠠᠨ ᠬᠡᠮᠵᠢᠬᠦ ᠤᠷᠪᠠᠯᠵᠢ ᠪᠠ ᠸᠠᠺᠼᠢᠨ ᠵᠡᠷᠭᠡ ᠡᠮᠴᠢᠯᠡᠭᠡᠨ᠎ᠤ ᠠᠷᠭ᠎ᠠ ᠪᠣᠳᠣᠯᠭ᠎ᠠ ᠵᠢ ᠰᠤᠳᠤᠯᠬᠤ ᠪᠠ ᠡᠷᠬᠡ ᠲᠡᠭᠰᠢ᠎ᠪᠠᠷ ᠣᠯᠬᠤ ᠵᠢ ᠠᠬᠢᠭᠤᠯᠤᠨ᠎ᠠ; ᠠᠮᠢᠳᠠᠨ᠎ᠠᠴᠠ ᠬᠥᠮᠥᠨ ᠲᠥᠷᠥᠯᠬᠢᠲᠡᠨ᠎ᠳᠤ ᠬᠠᠯᠲᠠᠭ᠋ᠠᠬᠤ ᠶᠠᠪᠤᠳᠠᠯ᠎ᠢ ᠬᠠᠮᠤᠭ᠎ᠤᠨ ᠶᠡᠬᠡ ᠬᠡᠮᠵᠢᠶ᠎ᠡ᠎ᠪᠠᠷ ᠪᠠᠭ᠋ᠠᠰᠬᠠᠨ᠎ᠠ; ᠨᠡᠢ᠌ᠭᠡᠮ ᠲᠣᠭᠣᠷᠢᠭ᠎ᠤᠨ ᠬᠢᠵᠢᠭ᠎ᠤᠨ ᠪᠠᠢ᠌ᠳᠠᠯ᠎ᠢ ᠤᠷᠢᠳᠴᠢᠯᠠᠨ ᠰᠡᠷᠭᠡᠢ᠌ᠯᠡᠬᠦ ᠪᠠ ᠬᠢᠵᠠᠭ᠋ᠠᠷᠯᠠᠬᠤ᠎ᠳᠤ ᠢᠳᠡᠪᠬᠢᠲᠡᠢ ᠣᠷᠣᠯᠴᠠᠬᠤ ᠴᠢᠳᠠᠪᠤᠷᠢ ᠵᠢ ᠨᠡᠮᠡᠭᠳᠡᠭᠦᠯᠦᠨ᠎ᠡ᠃

      ᠳᠡᠯᠡᠬᠡᠢ ᠵᠢᠨ ᠡᠷᠡᠭᠦᠯ ᠬᠠᠮᠠᠭ᠋ᠠᠯᠠᠯ᠎ᠤᠨ ᠵᠣᠬᠢᠶᠠᠨ ᠪᠠᠢ᠌ᠭᠤᠯᠤᠯᠲᠠ ᠵᠢᠨ ᠶᠡᠷᠦᠩᠬᠡᠢ ᠵᠠᠬᠢᠷᠭ᠋ᠠᠨ ᠪᠠ ᠣᠷᠣᠨ ᠪᠦᠰᠡ ᠵᠢᠨ ᠬᠡᠷᠡᠭ ᠡᠷᠬᠢᠯᠡᠬᠦ ᠭᠠᠵᠠᠷ᠎ᠲᠤ ᠨᠢᠭᠡᠨᠲᠡ ᠬᠡᠷᠡᠭ ᠶᠠᠪᠤᠳᠠᠯ᠎ᠤᠨ ᠬᠠᠮᠢᠶᠠᠷᠤᠯᠲᠠ ᠵᠢ ᠳᠡᠮᠵᠢᠬᠦ ᠳᠤᠭᠤᠢ᠌ᠯᠠᠩ ᠪᠠᠢ᠌ᠭᠤᠯᠤᠭᠰᠠᠨ ᠪᠥᠭᠡᠳ ᠤᠳᠤ ᠶᠠᠭ ᠨᠥᠯᠥᠭᠡᠯᠡᠭᠳᠡᠵᠦ ᠪᠠᠢ᠌ᠭ᠎ᠠ ᠤᠯᠤᠰ᠎ᠲᠤ ᠠᠵᠢᠯᠲᠠᠨ᠎ᠢ ᠶᠡᠬᠡ᠎ᠪᠠᠷ ᠨᠡᠮᠡᠭᠳᠡᠭᠦᠯᠵᠡᠢ᠃

ᠢᠷᠡᠯᠲᠡ᠄ ᠠᠷᠠᠳ᠎ᠤᠨ ᠰᠦᠯᠵᠢᠶ᠎ᠡ