ᠦᠢᠯᠡᠴᠢᠯᠡᠭᠡ   -   ᠲᠠᠨ᠎ᠳᠤ ᠦᠢᠯᠡᠴᠢᠯᠡᠬᠦ᠌

ᠵᠣᠬᠢᠶᠠᠨ ᠪᠦᠲᠦᠭᠡᠬᠦ ᠪᠠ ᠨᠣᠮ ᠤᠩᠰᠢᠬᠤ ᠵᠢᠨ ᠲᠤᠬᠠᠢ

ᠨᠡᠶ᠋ᠢᠲᠡᠯᠡᠭᠰᠡᠨ ᠴᠠᠭ᠄   2024-08-26

      ᠪᠠᠭᠰᠢ ᠬᠥᠮᠥᠨ ᠪᠠ ᠵᠣᠬᠢᠶᠠᠯᠴᠢ ᠬᠥᠮᠥᠨ᠎ᠳᠤ ᠠᠳᠠᠯᠢᠪᠲᠤᠷ ᠬᠣᠶᠠᠷ ᠵᠦᠢ᠍ᠯ ᠪᠠᠢ᠌ᠳᠠᠭ᠂ ᠨᠢᠭᠡ᠎ᠨᠢ ᠦᠭᠡ ᠶᠠᠷᠢᠬᠤ ᠲᠠᠯ᠎ᠠ᠎ᠪᠠᠷ ᠪᠠᠭᠰᠢ ᠬᠥᠮᠥᠨ ᠰᠤᠷᠤᠬ᠍ᠴᠢᠳ᠎ᠲᠠᠭᠠᠨ ᠬᠢᠴᠢᠶᠡᠯ ᠲᠠᠢ᠌ᠯᠪᠤᠷᠢᠯᠠᠬᠤ ᠳᠤᠮᠳᠠ᠎ᠪᠠᠨ ᠢᠯᠡᠭᠦᠦ ᠨᠢᠭᠡ ᠦᠭᠡ ᠴᠤ᠌ ᠶᠠᠷᠢᠵᠤ ᠪᠤᠯᠳᠠᠭ ᠦᠭᠡᠢ ᠪᠥᠭᠡᠳ ᠪᠠᠰᠠ ᠳᠤᠲᠠᠭᠤ ᠨᠢᠭᠡ ᠦᠭᠡ ᠴᠤ᠌ ᠶᠠᠷᠢᠵᠤ ᠪᠤᠯᠳᠠᠭ ᠦᠭᠡᠢ᠂ ᠵᠣᠬᠢᠶᠠᠯᠴᠢ ᠬᠥᠮᠥᠨ ᠪᠠᠰᠠ ᠵᠣᠬᠢᠶᠠᠯ ᠪᠢᠴᠢᠬᠦ᠎ᠳᠡᠭᠡᠨ ᠬᠡᠷᠡᠭ ᠦᠭᠡᠢ ᠨᠢᠭᠡ ᠦᠰᠤᠭ᠌᠎ᠢ ᠴᠤ᠌ ᠪᠢᠴᠢᠵᠦ ᠪᠤᠯᠳᠠᠭ ᠦᠭᠡᠢ ᠪᠥᠭᠡᠳ ᠬᠠᠷᠢᠨ ᠶᠠᠭ ᠬᠡᠷᠡᠭ᠎ᠲᠠᠢ ᠨᠢᠭᠡ ᠦᠰᠤᠭ᠌᠎ᠢ ᠴᠤ᠌ ᠤᠷᠭᠢᠵᠤ ᠪᠤᠯᠳᠠᠭ ᠦᠭᠡᠢ ᠶᠤᠮ᠃

      ᠵᠣᠬᠢᠶᠠᠯ ᠪᠢᠴᠢᠬᠦ ᠬᠡᠮᠡᠭᠴᠢ ᠠᠮᠠᠷᠬᠠᠨ ᠠᠵᠢᠯ ᠪᠢᠰᠢ᠂ ᠨᠢᠭᠡ ᠨᠢᠭᠡ ᠲᠤᠭᠤᠰᠭ᠋᠎ᠠ ᠵᠢ ᠦᠷᠤᠵᠤ ᠶᠡᠬᠡ ᠠᠰᠠᠷ᠎ᠢ ᠪᠣᠰᠬᠠᠬᠤ᠎ᠠᠴᠠ ᠴᠤ᠌ ᠪᠡᠷᠬᠡ ᠠᠵᠢ᠃ ᠨᠠᠢ᠌ᠷᠠᠭᠤᠯᠤᠭᠴᠢ ᠪᠤᠯᠬᠤ ᠲᠡᠭᠦᠨ᠎ᠠᠴᠠ ᠴᠤ᠌ ᠪᠡᠷᠬᠡ᠂ ᠨᠠᠢ᠌ᠷᠠᠭᠤᠯᠤᠭᠰᠠᠨ᠎ᠨᠢ ᠠᠮᠲᠠᠲᠤ ᠲᠠᠷᠠᠰᠤ ᠪᠣᠯᠤᠭᠰᠠᠨ ᠶᠤᠮ ᠪᠣᠯ ᠠᠰᠢᠭᠦᠢ ᠬᠠᠷᠢᠨ ᠶᠠᠭ ᠡᠭᠦᠨ᠎ᠤ ᠡᠰᠡᠷᠭᠦ᠎ᠪᠠᠷ ᠁ ᠨᠢᠭᠡᠨ ᠰᠢᠯᠦᠭ ᠵᠣᠬᠢᠶᠠᠯ᠎ᠢ ᠪᠢᠴᠢᠵᠦ ᠪᠠᠷᠠᠭ᠋ᠠᠪᠠᠯ ᠳᠣᠲᠣᠷ᠎ᠠ ᠮᠢᠨᠢ ᠶᠠᠭᠤ ᠴᠤ᠌ ᠦᠭᠡᠢ ᠰᠢᠭ ᠬᠣᠭᠣᠰᠤᠷᠠᠨ ᠬᠠᠩᠬᠠᠢ᠌ᠷᠠᠵᠤ ᠲᠠᠷᠠᠭ᠎ᠠ ᠤᠳᠠᠭ᠎ᠠ ᠶᠠᠭᠤ ᠴᠤ᠌ ᠪᠢᠴᠢᠵᠦ ᠲᠡᠢ᠌ᠯᠭᠦ ᠦᠭᠡᠢ ᠮᠡᠲᠦ ᠪᠤᠳᠤᠯ᠎ᠳᠤ ᠲᠤᠯᠭ᠋ᠠᠷᠠᠳᠠᠭ᠃ ᠭᠡᠪᠡᠴᠦ ᠬᠠᠶᠠ ᠠᠵᠠ ᠵᠢᠷᠭ᠋ᠠᠯᠲᠤ ᠠᠮᠢᠳᠤᠷᠠᠯ᠎ᠠᠴᠠ᠂ ᠠᠮᠲᠠᠷᠬᠠᠵᠤ ᠤᠩᠰᠢᠭᠰᠠᠨ ᠨᠣᠮ᠎ᠠᠴᠠ ᠨᠢᠭᠡ ᠵᠦᠢ᠍ᠯ᠎ᠤᠨ ᠰᠢᠨ᠎ᠡ ᠰᠡᠪᠡᠭᠦᠨ ᠪᠤᠳᠤᠯ ᠰᠡᠳᠬᠢᠯᠭᠡ᠂ ᠤᠷᠮ᠎ᠠ ᠪᠠᠬ᠎ᠠ ᠡᠷᠬᠡ ᠦᠭᠡᠢ ᠡᠪᠴᠢᠭᠦᠦ ᠴᠡᠭᠡᠵᠢᠨ᠎ᠠᠴᠠ ᠴᠠᠭᠢᠯᠤᠨ ᠤᠷᠭᠤᠳᠠᠭ᠎ᠨᠢ ᠦᠨᠡᠬᠡᠷ ᠪᠠᠰᠠ ᠨᠢᠭᠡᠨ ᠵᠦᠢ᠍ᠯ᠎ᠤᠨ ᠭᠠᠢ᠌ᠬᠠᠮᠰᠢᠭ ᠪᠤᠯᠠᠢ᠃

      ᠵᠣᠬᠢᠶᠠᠨ ᠪᠦᠲᠦᠭᠡᠯᠭᠡ ᠬᠡᠮᠡᠭᠴᠢ ᠵᠦᠢ ᠵᠣᠬᠢᠰᠲᠠᠢ ᠤᠶᠤᠨ ᠪᠤᠳᠤᠯ᠎ᠤᠨ ᠰᠢᠷᠭ᠋ᠠᠭ᠋ᠠᠯᠲᠠ ᠪᠠ ᠪᠣᠳᠠᠲᠤ ᠠᠮᠢᠳᠤᠷᠠᠯ᠎ᠤᠨ ᠭᠤᠸ᠎ᠠ ᠰᠠᠢ᠌ᠬᠠᠨ᠎ᠤ ᠦᠰᠤᠭ᠌ ᠪᠢᠴᠢᠭ᠎ᠤᠨ ᠢᠯᠡᠷᠡᠭᠦᠯᠦᠯᠲᠡ ᠪᠤᠯᠬᠤ ᠶᠤᠮ᠃ ᠤᠷᠠᠨ ᠵᠣᠬᠢᠶᠠᠯ ᠤᠷᠤᠯᠳᠤᠳᠠᠭ ᠣᠯᠠᠩᠬᠢ ᠵᠣᠬᠢᠶᠠᠯᠴᠢ ᠢᠷᠠᠭᠤ ᠨᠠᠢ᠌ᠷᠠᠭᠴᠢ ᠡᠬᠡ ᠣᠷᠣᠨ ᠪᠠ ᠡᠬᠡ ᠤᠯᠤᠰ ᠵᠶ᠋ᠠᠨ ᠥᠪᠡᠷ᠎ᠤᠨ ᠪᠡᠶ᠎ᠡ᠎ᠲᠠᠢ᠎ᠪᠠᠨ ᠠᠳᠠᠯᠢ ᠪᠤᠶᠤ ᠡᠰᠡᠬᠦᠯ᠎ᠡ ᠥᠪᠡᠷ᠎ᠤᠨ ᠪᠡᠶ᠎ᠡ᠎ᠠᠴᠠ᠎ᠪᠠᠨ ᠢᠯᠡᠭᠦᠦ ᠬᠠᠢ᠌ᠷᠠᠯᠠᠳᠠᠭ᠃ ᠵᠠᠯᠠᠭᠤ ᠬᠥᠮᠥᠰ ᠥᠭᠡᠳᠡᠯᠡᠨ ᠲᠠᠪᠰᠢᠶ᠎ᠠ ᠭᠡᠪᠡᠯ ᠡᠷᠬᠡᠪᠰᠢ ᠦᠷᠭᠦᠯᠵᠢ ᠨᠣᠮ ᠵᠣᠬᠢᠶᠠᠯ ᠰᠣᠨᠢᠨ ᠰᠡᠳᠬᠦᠯ ᠤᠩᠰᠢᠬᠤ ᠬᠡᠷᠡᠭᠲᠡᠢ᠃ ᠲᠡᠷᠡ᠎ᠨᠢ ᠴᠢᠮ᠎ᠠ᠎ᠳᠤ ᠬᠥᠮᠥᠨ ᠪᠤᠯᠬᠤ ᠵᠢᠨ ᠵᠥᠪ ᠰᠠᠢ᠌ᠬᠠᠨ ᠶᠣᠰᠣ ᠤᠴᠢᠷ᠂ ᠠᠮᠢᠳᠤᠷᠠᠬᠤᠢ ᠵᠢᠨ ᠭᠦᠨ ᠤᠬᠠᠭ᠋ᠠᠨ᠎ᠤ ᠶᠣᠰᠣ ᠤᠴᠢᠷ᠎ᠢ ᠤᠬᠳᠤ ᠨᠢᠭᠤᠯ ᠦᠭᠡᠢ ᠨᠢᠭᠡᠳ ᠨᠢᠭᠡ᠎ᠪᠠᠷ ᠬᠡᠯᠡᠵᠦ ᠵᠢᠭ᠋ᠠᠵᠤ ᠦᠭᠳᠡᠭ ᠪᠥᠭᠡᠳ ᠴᠢᠮ᠎ᠠ ᠵᠢ ᠢᠮᠠᠭᠲᠠ ᠬᠡᠷᠡᠯᠳᠦ ᠢᠷᠡᠭᠡᠳᠦᠢ ᠵᠦᠭ ᠬᠥᠲᠥᠯᠥᠨ ᠳᠠᠭ᠋ᠠᠭᠤᠯᠳᠠᠭ ᠪᠢᠯᠡ᠃

      ᠨᠣᠮ ᠤᠩᠰᠢᠬᠤ᠎ᠨᠢ ᠬᠥᠮᠥᠰ᠎ᠤᠨ ᠮᠡᠳᠡᠯᠭᠡ ᠵᠢᠨ ᠰᠠᠩ᠎ᠢ ᠪᠠᠶᠠᠯᠢᠭᠵᠢᠭᠤᠯᠵᠤ ᠳᠤᠷ᠎ᠠ ᠰᠣᠨᠢᠷᠬᠠᠯ᠎ᠢ ᠬᠥᠭᠵᠢᠭᠦᠯᠵᠦ᠂ ᠪᠤᠰᠤᠳ᠎ᠲᠠᠢ ᠬᠠᠷᠢᠴᠠᠬᠤ ᠪᠠ ᠶᠠᠷᠢᠵᠤ ᠢᠯᠡᠳᠬᠡᠬᠦ ᠴᠢᠳᠠᠪᠤᠷᠢ ᠵᠢ ᠨᠡᠮᠡᠭᠳᠡᠭᠦᠯᠳᠡᠭ᠃ ᠨᠣᠮ ᠪᠢᠴᠢᠭ ᠪᠣᠯ ᠬᠥᠮᠥᠰ᠎ᠤᠨ ᠪᠤᠳᠤᠯ ᠬᠠᠷᠠᠭ᠎ᠠ ᠵᠢ ᠥᠷᠭᠡᠳᠬᠡᠨ ᠲᠠᠷᠢᠬᠢ ᠲᠣᠯᠣᠭ᠋ᠠᠢ ᠵᠢ ᠰᠡᠷᠭᠦᠭᠡᠵᠦ᠂ ᠲᠦᠭᠦᠭᠡ ᠤᠬᠠᠭ᠎ᠠ ᠵᠢ ᠨᠡᠮᠡᠭᠳᠡᠭᠦᠯᠦᠨ ᠤᠢ ᠪᠢᠯᠢᠭ᠎ᠢ ᠬᠤᠷᠴᠠᠯᠠᠵᠤ᠂ ᠡᠷᠳᠡᠮ ᠮᠡᠳᠡᠯᠭᠡ ᠣᠯᠭᠣᠨ ᠵᠤᠭ᠎ᠠ ᠴᠡᠩᠭᠡᠯ᠎ᠢ ᠠᠪᠴᠢᠷᠠᠳᠠᠭ᠃ ᠲᠠᠩ ᠤᠯᠤᠰ᠎ᠤᠨ ᠦᠶ᠎ᠡ ᠵᠢᠨ ᠠᠯᠳᠠᠷᠲᠤ ᠰᠢᠯᠦᠭᠴᠢ᠂ ᠰᠢᠯᠦᠭ᠎ᠤᠨ ᠪᠣᠭᠳᠠ ᠯᠢ ᠪᠠᠢ᠄ 《ᠵᠠᠭᠤᠨᠲᠠ ᠤᠩᠰᠢᠪᠠᠰᠤ ᠤᠳᠬ᠎ᠠ ᠠᠨᠤ ᠠᠶᠠᠨᠳᠠᠭ᠋ᠠᠨ ᠢᠯᠡᠷᠡᠮᠦᠢ!》 ᠭᠡᠵᠠᠢ; ᠶᠡᠬᠡ ᠵᠣᠬᠢᠶᠠᠯᠴᠢ ᠢᠨᠵᠠᠨᠨᠠᠰᠢ᠄ 《ᠤᠩᠰᠢᠭᠰᠠᠨ ᠨᠣᠮ ᠮᠢᠩᠭ᠋ᠠᠨ ᠪᠣᠳᠢ ᠵᠢ ᠳᠠᠪᠠᠪᠠᠰᠤ ᠦᠵᠦᠭ᠎ᠤᠨ ᠦᠵᠦᠭᠦᠷ ᠰᠠᠬᠢᠭᠤᠯᠰᠤᠨ ᠣᠷᠣᠰᠢᠭᠰᠠᠨ ᠮᠡᠲᠦ》 ᠭᠡᠵᠦ ᠥᠭᠦᠯᠡᠭᠰᠡᠨ ᠪᠠᠢ᠌ᠵᠠᠢ; ᠵᠣᠬᠢᠶᠠᠯᠴᠢ ᠪᠦᠷᠢᠨᠲᠡᠭᠦᠰ 《ᠳᠡᠯᠭᠡᠷ ᠬᠠᠩᠭ᠋ᠠᠢ》 ᠷᠣᠮᠠᠨ ᠵᠶ᠋ᠡᠨ ᠪᠢᠴᠢᠬᠦ᠎ᠠᠴᠠ ᠡᠮᠦᠨ᠎ᠡ ᠴ᠊·ᠯᠣᠳᠣᠢ᠌ᠳᠠᠮᠪᠠ ᠵᠢᠨ 《ᠲᠤᠩᠭ᠋ᠠᠯᠠᠭ ᠲᠠᠮᠢᠷ》 ᠪᠦᠲᠦᠭᠡᠯ᠎ᠢ ᠭᠤᠴᠢᠨ ᠨᠠᠢ᠍ᠮᠠ ᠤᠳᠠᠭ᠎ᠠ ᠤᠩᠰᠢᠭᠰᠠᠨ ᠭᠡᠵᠦ ᠬᠡᠯᠡᠵᠦ ᠪᠠᠢ᠌ᠭᠰᠠᠨ ᠵᠡᠷᠭᠡ᠎ᠠᠴᠠ ᠡᠷᠲᠡ ᠳᠡᠭᠡᠳᠦ᠎ᠠᠴᠠ᠎ᠪᠠᠨ ᠠᠪᠤᠭ᠋ᠠᠳ ᠡᠳᠦᠭᠡ ᠭᠦᠷᠲᠡᠯ᠎ᠡ ᠡᠷᠳᠡᠮᠲᠡᠨ ᠮᠡᠷᠭᠡᠳ᠂ ᠤᠷᠠᠨ ᠵᠣᠬᠢᠶᠠᠯᠴᠢᠳ ᠨᠣᠮ ᠤᠩᠰᠢᠬᠤ ᠵᠢ ᠲᠤᠢ᠌ᠯ᠎ᠤᠨ ᠡᠷᠬᠢᠮ ᠴᠢᠬᠤᠯᠠ᠎ᠪᠠᠷ ᠦᠵᠡᠵᠦ ᠪᠠᠢ᠌ᠭᠰᠠᠨ᠎ᠨᠢ ᠲᠣᠳᠣᠷᠠᠭ᠋ᠠᠳ ᠢᠷᠡᠳᠡᠭ᠃ ᠪᠢᠳᠡ ᠨᠢᠭᠡ ᠰᠠᠢ᠌ᠨ ᠨᠣᠮ᠎ᠢ ᠤᠩᠰᠢᠬᠤ᠎ᠳᠠᠭᠠᠨ ᠲᠠᠭᠢᠨ ᠳᠠᠪᠲᠠᠨ ᠤᠩᠰᠢᠬᠤ ᠵᠢᠨ ᠳᠠᠭ᠋ᠠᠤ ᠰᠡᠳᠬᠢᠨ ᠪᠣᠳᠣᠯᠬᠢᠯᠠᠬᠤ᠂ ᠤᠩᠰᠢᠬᠤ ᠵᠢᠨ ᠳᠠᠭ᠋ᠠᠤ ᠲᠡᠮᠳᠡᠭᠯᠡᠵᠦ ᠪᠢᠴᠢᠪᠡᠯ ᠨᠡᠩ ᠰᠠᠢ᠌ᠨ ᠪᠠᠢ᠌ᠳᠠᠭ᠃

      ᠬᠥᠭᠵᠢᠮ ᠭᠡᠯᠡ ᠦᠭᠡᠢ ᠪᠤᠯᠪᠠᠴᠤ ᠬᠥᠮᠥᠰ᠎ᠢ ᠵᠣᠷᠢᠭᠵᠢᠭᠤᠯᠵᠤ ᠤᠶᠠᠷᠠᠭᠤᠯᠵᠤ ᠲᠠᠢ᠌ᠯᠤᠨ᠎ᠡ᠃ ᠬᠠᠷᠢᠨ ᠦᠰᠤᠭ᠌ ᠪᠢᠴᠢᠭ ᠲᠠᠭᠤᠨ ᠦᠭᠡᠢ ᠪᠤᠯᠪᠠᠴᠤ ᠬᠥᠮᠥᠰ᠎ᠢ ᠪᠠᠶᠠᠷᠯᠠᠭᠤᠯᠵᠤ ᠤᠭᠢᠯᠠᠭᠤᠯᠵᠤ ᠲᠡᠢ᠌ᠯᠤᠨ᠎ᠡ᠃ ᠪᠠᠰᠠ ᠭᠡᠳᠡᠰᠬᠢᠨ ᠪᠣᠰᠬᠠᠵᠤ ᠴᠤ᠌ ᠲᠡᠢ᠌ᠯᠤᠨ᠎ᠡ᠃ ᠨᠢᠭᠡ᠎ᠳᠤ ᠨᠣᠮ ᠰᠡᠳᠬᠦᠯ ᠤᠩᠰᠢᠬᠤ ᠦᠭᠡᠢ᠂ ᠬᠣᠶᠠᠷ᠎ᠲᠤ ᠲᠠᠷᠢᠬᠢ ᠲᠣᠯᠣᠭ᠋ᠠᠢ᠎ᠪᠠᠨ ᠬᠥᠳᠡᠯᠭᠡᠵᠦ ᠰᠢᠨ᠎ᠡ ᠰᠣᠷᠭᠣᠭ ᠮᠡᠳᠡᠯᠭᠡ ᠴᠢᠳᠠᠪᠤᠷᠢ ᠵᠢ ᠡᠵᠡᠮᠰᠢᠬᠦ ᠳᠤᠷ᠎ᠠ ᠦᠭᠡᠢ ᠬᠥᠮᠥᠨ ᠪᠣᠯ ᠡᠨᠡ ᠨᠡᠢ᠌ᠭᠡᠮ᠎ᠤᠨ ᠬᠠᠮᠤᠭ᠎ᠤᠨ ᠲᠦᠭᠦᠭᠡ ᠦᠭᠡᠢ᠂ ᠬᠠᠮᠤᠭ᠎ᠤᠨ ᠠᠯᠵᠠᠭᠤ ᠵᠠᠯᠬᠠᠭᠤ᠂ ᠬᠠᠮᠤᠭ᠎ᠤᠨ ᠵᠣᠯ ᠪᠤᠰᠤ ᠬᠥᠮᠥᠨ ᠮᠥᠨ᠃

      ᠬᠥᠮᠥᠨ᠎ᠤ ᠤᠶᠤᠨ ᠤᠬᠠᠭ᠋ᠠᠨ ᠪᠣᠯ ᠨᠠᠷᠠ ᠰᠢᠭ᠋ ᠰᠠᠴᠤᠷᠠᠵᠤ᠂ ᠬᠣᠷᠸ᠎ᠠ ᠶᠢᠷᠲᠢᠨᠴᠦ ᠵᠢᠨ ᠠᠯᠢᠪᠠ ᠪᠦᠭᠦᠨ᠎ᠢ ᠦᠵᠡᠵᠦ᠂ ᠲᠠᠨᠢᠵᠤ᠂ ᠭᠡᠷᠡᠯᠳᠤᠭᠦᠯᠵᠤ᠂ ᠠᠮᠢᠯᠠᠭᠤᠯᠵᠤ ᠪᠠᠢ᠌ᠳᠠᠭ ᠶᠤᠮ᠃ ᠭᠡᠬᠦ᠎ᠳᠡᠭᠡᠨ ᠤᠶᠤᠨ ᠤᠬᠠᠭ᠋ᠠᠨ᠎ᠨᠢ ᠤᠷᠭᠤᠬᠤ ᠨᠠᠷᠠᠨ ᠰᠢᠭ᠋ ᠡᠭᠦᠯᠡ ᠰᠠᠯᠬᠢᠨ᠎ᠢ ᠠᠷᠴᠢᠨ ᠲᠠᠭᠤᠵᠤ᠂ ᠡᠬᠡ ᠳᠡᠯᠡᠬᠡᠢ ᠵᠢᠨ ᠠᠯᠢᠪᠠ ᠪᠣᠳᠠᠰ᠎ᠢ ᠢᠪᠡᠭᠡᠵᠦ ᠴᠢᠳᠠᠳᠠᠭ᠃ ᠡᠢ᠌ᠮᠦ᠎ᠠᠴᠠ ᠤᠶᠤᠨ ᠤᠬᠠᠭ᠋ᠠᠨ ᠪᠣᠯ ᠤᠠᠳᠤᠷᠤᠭ᠋ᠠᠳ ᠪᠠᠷᠠᠰᠢ ᠦᠭᠡᠢ᠂ ᠤᠷᠭᠤᠭ᠋ᠠᠳ ᠬᠤᠪᠠᠬᠠᠢ᠌ᠷᠠᠰᠢ ᠦᠭᠡᠢ ᠮᠥᠩᠬᠡ ᠵᠢᠨ ᠪᠠᠢ᠌ᠬᠤ ᠶᠣᠰᠣᠲᠠᠢ᠃ ᠬᠥᠮᠥᠰ ᠪᠢᠳᠡ ᠠᠮᠢᠳᠤ ᠶᠠᠪᠤᠭ᠎ᠠ ᠨᠠᠰᠤᠨ᠎ᠳᠠᠭᠠᠨ ᠲᠠᠷᠢᠬᠢ ᠤᠶᠤᠨ ᠵᠶ᠋ᠡᠨ ᠰᠢᠪᠬᠠᠨ᠂ ᠬᠥᠮᠥᠨ ᠲᠥᠷᠥᠯᠬᠢᠲᠡᠨ᠎ᠤ ᠤᠶᠤᠨ ᠤᠬᠠᠭ᠋ᠠᠨ᠎ᠤ ᠣᠪᠣᠭ᠎ᠠ᠎ᠳᠤ ᠪᠢᠯᠢᠭ᠎ᠤᠨ ᠴᠢᠯᠠᠭᠤ᠎ᠪᠠᠨ ᠨᠡᠮᠡᠵᠦ ᠶᠠᠪᠤᠪᠠᠯ ᠵᠣᠬᠢᠯᠲᠠᠢ᠃

      ᠰᠤᠷᠪᠤᠯᠵᠢᠯᠠᠭᠰᠠᠨ᠎ᠤ ᠲᠠᠷᠠᠭ᠎ᠠ᠄ 2024 ᠣᠨ᠎ᠤ 7 ᠰᠠᠷ᠎ᠠ ᠵᠢᠨ 4᠎ᠤ ᠡᠳᠦᠷ ᠦᠯᠥ ᠲᠠᠨᠢᠬᠤ ᠨᠢᠭᠡ ᠬᠥᠮᠥᠨ ᠮᠢᠨᠤ ᠵᠢᠷᠭᠢᠶ᠎ᠡ ᠵᠢ ᠵᠠᠯᠭ᠋ᠠᠪᠠ᠃ ᠨᠡᠮᠡᠵᠦ ᠠᠪᠤᠭ᠋ᠠᠳ ᠨᠤᠲᠤᠭ ᠤᠰᠤ᠎ᠪᠠᠨ ᠮᠡᠳᠡᠯᠴᠡᠬᠦ᠎ᠳᠤ ᠪᠢᠳᠠ ᠬᠣᠶᠠᠭᠤᠯᠠ᠎ᠪᠠᠨ ᠨᠤᠲᠤᠭ ᠨᠢᠭᠡᠲᠡᠢ ᠦᠦᠰᠢᠨᠵᠤᠤ ᠵᠢᠨ ᠬᠥᠮᠥᠨ ᠪᠠᠢ᠌ᠨ᠎ᠠ᠂ ᠲᠡᠭᠦᠨ᠎ᠤ ᠨᠡᠷ᠎ᠡ ᠵᠢ ᠪᠦᠷᠭᠦᠳ ᠭᠡᠨ᠎ᠡ᠃ ᠢᠩᠭᠢᠭᠡᠳ ᠲᠡᠷᠡ ᠬᠥᠮᠥᠨ ᠨᠠᠳᠠ᠎ᠳᠤ ᠠᠯᠤᠰ ᠲᠡᠷᠲᠡᠭᠡᠬᠢ 44 ᠵᠢᠯ᠎ᠤᠨ ᠡᠮᠦᠨᠡᠬᠢ ᠲᠦᠷᠦᠯ᠎ᠤᠨ ᠠᠬ᠎ᠠ ᠵᠢᠨ ᠵᠢᠡᠨ ᠦᠯᠢᠭᠡᠷ ᠤᠴᠠᠷᠠᠯ᠎ᠢ ᠶᠠᠷᠢᠵᠤ᠂ ᠡᠨᠡ ᠵᠢᠯ᠎ᠤᠨ ᠵᠤᠨ᠎ᠤ ᠰᠡᠭᠦᠯᠴᠢ ᠪᠤᠶᠤ ᠨᠠᠮᠤᠷ᠎ᠤᠨ ᠡᠬᠢ᠎ᠪᠠᠷ ᠠᠯᠢ ᠨᠢᠭᠡ ᠡᠳᠦᠷ᠎ᠢ ᠲᠣᠬᠢᠶᠠᠯᠳᠤᠭᠤᠯᠤᠨ ᠡᠨᠡ ᠬᠣᠶᠠᠷ ᠬᠥᠮᠥᠨ᠎ᠢ ᠠᠭᠤᠯᠵᠠᠭᠤᠯᠬᠤ ᠰᠠᠨᠠᠭ᠋ᠠᠲᠠᠢ᠂ ᠲᠠ ᠴᠢᠯᠦᠭᠡ᠎ᠲᠠᠢ ᠤᠤ? ᠴᠢᠯᠦᠭᠡ᠎ᠲᠠᠢ ᠪᠣᠯ ᠡᠨᠡ ᠬᠦ᠌ ᠠᠭᠤᠯᠵᠠᠯᠲᠠ ᠵᠢ ᠰᠡᠭᠦᠳᠡᠷᠯᠡᠵᠦ ᠵᠢᠷᠤᠭᠯᠠᠨ ᠰᠤᠷᠪᠤᠯᠵᠢᠯᠠᠭ᠋ᠠᠳ ᠥᠭᠭᠦᠨ᠎ᠡ ᠤᠤ ᠭᠡᠵᠦ ᠠᠰᠠᠭᠤᠭᠰᠠᠨ ᠶᠤᠮ᠃ ᠰᠤᠷᠪᠤᠯᠵᠢᠯᠠᠬ᠍ᠴᠢ ᠬᠥᠮᠥᠨ᠎ᠳᠤ ᠢᠨᠬᠭᠢᠵᠤ ᠰᠠᠢ᠌ᠬᠠᠨ ᠰᠡᠳᠦᠪ ᠲᠠᠭ᠋ᠠᠷᠠᠬᠤ ᠬᠣᠪᠣᠷ ᠪᠢᠯᠡ᠂ ᠬᠡᠯᠡᠯᠭᠡᠨ ᠦᠭᠡᠢ ᠰᠢᠭᠤᠳ ᠠᠮᠠᠯᠳᠠᠵᠤ᠂ ᠤᠲᠠᠰᠤ᠎ᠪᠠᠷ ᠶᠠᠷᠢᠯᠴᠠᠵᠤ ᠪᠠᠢ᠌ᠭ᠋ᠠᠳ ᠪᠦᠷᠭᠦᠳ᠎ᠲᠠᠢ ᠬᠠᠮᠲᠤ 8 ᠰᠠᠷ᠎ᠠ ᠵᠢᠨ 5᠎ᠤ ᠥᠷᠯᠥᠭᠡ ᠡᠷᠲᠡ ᠰᠥᠨᠢᠳ ᠵᠡᠭᠦᠨ ᠬᠣᠰᠢᠭᠤ ᠵᠢ ᠵᠣᠷᠢᠭᠰᠠᠨ ᠪᠢᠯᠡ!ᠬᠠᠲᠤᠨ ᠭᠣᠣᠯ᠎ᠢ ᠳᠠᠪᠠᠵᠤ᠂ ᠮᠤᠨᠢ ᠠᠭᠤᠯᠠ ᠵᠢ ᠴᠤᠭᠤᠯᠤᠨ᠂ ᠲᠠᠮᠤᠴᠢ ᠵᠢᠨ ᠲᠠᠯ᠎ᠠ ᠵᠢ ᠲᠤᠭᠤᠯᠵᠤ ᠨᠡᠢ᠌ᠲᠡ 1600 ᠭᠠᠵᠠᠷ᠎ᠢ ᠡᠪᠬᠡᠨ ᠪᠠᠢ᠌ᠵᠤ ᠰᠥᠨᠢᠳ ᠵᠡᠭᠦᠨ ᠬᠣᠰᠢᠭᠤᠨ᠎ᠤ ᠲᠥᠪ ᠮᠠᠨᠳᠠᠯᠲᠤ ᠪᠠᠯᠭ᠋ᠠᠰᠤᠨ᠎ᠳᠤ ᠣᠷᠣᠢ ᠵᠢᠨ 7 ᠴᠠᠭ᠎ᠲᠤ ᠬᠦᠷᠴᠦ ᠣᠴᠢᠯ᠎ᠠ᠃ ᠥᠯᠵᠡᠢ ᠭᠡᠬᠦ ᠬᠥᠮᠥᠨ᠎ᠤ ᠠᠮᠢᠳᠤᠷᠠᠯ᠎ᠤᠨ ᠪᠠᠢ᠌ᠳᠠᠯ ᠪᠢᠳᠠᠨ᠎ᠤ ᠰᠠᠨᠠᠭᠰᠠᠨ᠎ᠠᠴᠠ ᠥᠭᠡᠷ᠎ᠡ ᠪᠠᠢ᠌ᠪᠠ᠂ ᠨᠠᠰᠤ᠎ᠪᠠᠷ ᠵᠢᠡᠨ ᠡᠨᠡ ᠲᠡᠷᠡ ᠡᠪᠡᠳᠴᠢᠨ ᠵᠤᠪᠠᠯᠠᠡᠭ᠎ᠳᠤ ᠪᠠᠷᠢᠭᠳᠠᠨ᠂ ᠪᠠᠭᠰᠢ ᠵᠢᠨ ᠠᠵᠢᠯ ᠵᠢᠡᠨ ᠴᠤ᠌ ᠬᠢᠵᠦ ᠴᠢᠳᠠᠯ ᠦᠭᠡᠢ᠂ ᠵᠠᠶᠠᠭ᠋ᠠᠨ᠎ᠤ ᠬᠠᠨᠢ᠎ᠪᠠᠨ ᠴᠤ᠌ ᠣᠯᠣᠯ ᠦᠭᠡᠢ᠎ᠪᠠᠷ 65 ᠨᠠᠰᠤ ᠭᠦᠷᠦᠭᠰᠡᠨ ᠲᠡᠷᠡ᠂ ᠡᠨᠡ ᠵᠢᠯ᠎ᠤᠨ ᠴᠠᠭ᠋ᠠᠨ ᠰᠠᠷ᠎ᠠ ᠵᠢᠨ ᠳᠠᠷᠠᠭ᠋ᠠᠬᠠᠨ ᠬᠣᠰᠢᠭᠤᠨ᠎ᠤ ᠨᠠᠰᠤᠲᠠᠢ᠌ᠴᠤᠳ᠎ᠤᠨ ᠠᠰᠠᠷᠠᠮᠵᠢ ᠵᠢᠨ ᠬᠦᠷᠢᠶᠡᠯᠡᠩ ᠮᠠᠶᠢᠭᠲᠠᠢ ᠨᠡᠢ᠌ᠲᠡ ᠵᠢᠨ ᠪᠠᠢ᠌ᠷᠢ᠎ᠳᠤ ᠭᠠᠭᠴᠠᠭ᠋ᠠᠷᠬᠠᠨ ᠵᠢᠡᠨ ᠣᠷᠣᠵᠤ ᠰᠠᠭᠤᠭᠰᠠᠨ ᠪᠠᠢ᠌ᠯ᠎ᠠ᠂ ᠭᠡᠪᠡᠴᠦ ᠲᠡᠭᠦᠨ᠎ᠤ ᠦᠵᠡᠯ ᠪᠤᠳᠤᠯ᠂ ᠥᠭᠡᠳᠡᠷᠬᠡᠭ ᠰᠠᠨᠠᠭ᠎ᠠ᠎ᠨᠢ ᠬᠠᠷᠢᠨ ᠪᠤᠰᠤᠳ᠎ᠲᠤ ᠶᠡᠬᠡ ᠡᠷᠴᠢ ᠬᠦᠴᠦ ᠬᠠᠢ᠌ᠷᠠᠯᠠᠵᠤ ᠪᠠᠢ᠌ᠯ᠎ᠠ᠃ ᠬᠥᠮᠥᠨ ᠭᠡᠳᠡᠭ ᠠᠮᠢᠳᠤᠷᠠᠯ᠎ᠤᠨ ᠨᠥᠬᠥᠴᠡᠯ ᠪᠠᠢ᠌ᠳᠠᠯ ᠶᠠᠮᠠᠷ ᠪᠠᠢ᠌ᠬᠤ᠎ᠨᠢ ᠬᠠᠮᠢᠶ᠎ᠠ ᠦᠭᠡᠢ᠂ ᠬᠠᠷᠢᠨ ᠥᠷᠥᠭᠡᠯ᠎ᠢ ᠪᠤᠳᠤᠬᠤ ᠥᠷᠥᠪᠴᠢ ᠵᠥᠭᠡᠯᠡᠨ ᠰᠡᠳᠬᠢᠯ᠂ ᠠᠮᠢᠳᠤᠷᠠᠯ᠎ᠢ ᠬᠠᠢ᠌ᠷᠠᠯᠠᠬᠤ ᠠᠭᠤᠤ ᠵᠣᠷᠢᠭ ᠰᠠᠨᠠᠭ᠎ᠠ ᠯᠠ ᠭᠡᠷᠡᠯ ᠲᠠᠲᠠᠭᠤᠯᠵᠤ ᠪᠠᠢ᠌ᠳᠠᠭ ᠠᠵᠢ᠂ ᠲᠡᠢ᠌ᠮᠤ ᠠ᠋᠂ ᠲᠡᠷᠡ ᠬᠣᠷᠢᠨ ᠨᠠᠰᠤᠨ᠎ᠳᠠᠭᠠᠨ ᠴᠤ᠌ ᠬᠣᠪᠣᠷ ᠲᠣᠬᠢᠶᠠᠯᠳᠤᠬᠤ ᠦᠢ᠍ᠯᠡ ᠵᠢ ᠬᠢᠭᠰᠡᠨ᠎ᠢ᠎ᠨᠢ ᠥᠨᠥᠳᠥᠷ ᠪᠢᠳᠠ ᠰᠤᠷᠪᠤᠯᠵᠢᠯᠠᠵᠤ ᠪᠠᠢ᠌ᠨ᠎ᠠ᠃ ᠲᠠᠭᠢᠪᠠᠯ ᠥᠯᠵᠡᠢ ᠵᠢᠨ ᠭᠡᠷ᠎ᠲᠤ ᠣᠪᠣᠭ᠋ᠠᠯᠠᠵᠤ ᠪᠠᠢ᠌ᠭ᠎ᠠ ᠡᠳᠦᠷ᠎ᠤᠨ ᠲᠡᠮᠳᠡᠭᠯᠡᠯ ᠬᠠᠷᠠᠭ᠋ᠠᠨ᠎ᠳᠤ ᠭᠦᠷᠦᠭᠰᠡᠨ ᠶᠤᠮ᠂ ᠲᠡᠭᠦᠨ᠎ᠤ 67 ᠳᠡᠪᠲᠡᠷ ᠡᠳᠦᠷ᠎ᠤᠨ ᠲᠡᠮᠳᠡᠭᠯᠡᠯ᠎ᠢ ᠤᠷᠪᠠᠭᠤᠯᠬᠤ᠎ᠳᠤ 1974 ᠣᠨ᠎ᠠᠴᠠ ᠡᠬᠢᠯᠡᠭᠡᠳ ᠥᠨᠥᠳᠥᠷ᠎ᠢ ᠭᠦᠷᠲᠡᠯ᠎ᠡ ᠪᠢᠴᠢᠭᠯᠡᠵᠡᠢ᠃ ᠪᠢᠳᠠ ᠪᠦᠭᠦᠨ᠎ᠤ ᠰᠤᠷᠤᠯᠴᠠᠬᠤ ᠳᠠᠭᠤᠷᠢᠶᠠᠯ ᠡᠨᠡ ᠮᠥᠨ᠃ ᠥᠯᠵᠡᠢ᠎ᠲᠠᠢ ᠬᠠᠮᠲᠤ᠎ᠪᠠᠷ ᠳᠥᠷᠪᠡ ᠲᠠᠪᠤᠨ ᠬᠥᠮᠥᠨ ᠪᠢᠳᠠᠨ᠎ᠢ ᠬᠦᠯᠢᠶᠡᠵᠦ ᠠᠪᠤᠭᠰᠠᠨ᠎ᠤ ᠳᠣᠲᠣᠷ᠎ᠠ ᠪᠤᠶᠠᠨᠵᠠᠪ ᠭᠡᠬᠦ ᠬᠥᠮᠥᠨ᠄ 《ᠠᠶ᠎ᠠ᠂ ᠤᠳᠤ ᠵᠢᠨ ᠡᠨᠡ ᠴᠠᠭ᠎ᠲᠤ ᠬᠥᠮᠥᠨ᠎ᠤ ᠰᠢᠨᠤᠯ ᠠᠬᠠᠳᠠᠵᠤ᠂ ᠡᠴᠢᠭᠡ ᠬᠦᠦ ᠭᠦᠷᠲᠡᠯ᠎ᠡ ᠮᠠᠭᠤᠳᠠᠯᠴᠠᠵᠤ ᠪᠠᠢ᠌ᠲᠠᠯ᠎ᠠ᠂ ᠣᠷᠳᠣᠰ ᠨᠤᠲᠤᠭ᠎ᠲᠠᠢ ᠪᠦᠷᠭᠦᠳ ᠵᠡᠷᠭᠡ ᠬᠥᠮᠥᠨ ᠲᠡᠷᠡ ᠬᠤᠯᠠ᠎ᠠᠴᠠ ᠮᠠᠨ᠎ᠤ ᠬᠥᠮᠥᠨ᠎ᠢ ᠭᠡᠷ᠎ᠲᠡᠭᠡᠨ ᠤᠷᠢᠵᠤ᠂ ᠠᠬ᠎ᠠ᠎ᠲᠠᠢ᠎ᠪᠠᠨ ᠵᠣᠯᠭ᠋ᠠᠭᠤᠯᠬᠤ ᠪᠣᠯᠤᠭᠰᠠᠨ᠎ᠢ ᠪᠢ ᠰᠣᠨᠣᠰᠤᠭ᠋ᠠᠳ ᠶᠡᠬᠡᠳᠡ ᠪᠠᠬᠠᠷᠬᠠᠯ᠎ᠠ᠂ ᠮᠠᠭᠤᠬᠠᠢ ᠰᠢᠭ᠋ ᠵᠢᠡᠷ ᠬᠡᠯᠡᠪᠡᠯ 44 ᠵᠢᠯ᠎ᠤᠨ ᠡᠮᠦᠨᠡᠬᠢ ᠲᠡᠷᠡ ᠤᠴᠢᠷ ᠵᠢᠡᠷ ᠥᠭᠡᠷ᠎ᠡ ᠨᠢᠭᠡ ᠬᠥᠮᠥᠨ᠎ᠢ ᠬᠠᠢ᠌ᠭ᠋ᠠᠳ ᠣᠴᠢᠪᠠᠯ ᠲᠠᠨᠢᠬᠤ ᠦᠭᠡᠢ ᠥᠩᠭᠡᠷᠡᠵᠦ ᠴᠤ᠌ ᠪᠤᠯᠬᠤ ᠶᠤᠮ᠂ ᠭᠡᠪᠡᠴᠦ ᠲᠠ ᠨᠠᠷ ᠳᠡᠭᠡᠭᠰᠡᠨ ᠦᠭᠡᠢ ᠮᠦᠷᠲᠡᠯ᠎ᠡ ᠢᠨᠬᠭᠢᠵᠤ ᠬᠦᠨᠳᠦᠯᠡᠵᠦ ᠪᠠᠢ᠌ᠭ᠎ᠠ᠎ᠨᠢ ᠮᠠᠨ᠎ᠤ ᠬᠣᠢ᠌ᠴᠢ ᠦᠶ᠎ᠡ᠎ᠳᠤ ᠰᠠᠢ᠌ᠨ ᠰᠠᠢ᠌ᠬᠠᠨ ᠳᠠᠭᠤᠷᠢᠶᠠᠯ ᠦᠯᠡᠳᠡᠭᠡᠬᠦ᠎ᠨᠢ ᠯᠠᠪᠲᠠᠢ᠃ ᠪᠠᠰᠠ ᠨᠢᠭᠡ ᠲᠠᠯ᠎ᠠ᠎ᠪᠠᠷ ᠬᠡᠯᠡᠪᠡᠯ 1980 ᠣᠨ᠎ᠤ 300 ᠲᠥᠭᠥᠷᠢᠭ ᠭᠡᠳᠡᠭ ᠪᠠᠷᠤᠭ ᠤᠳᠤ ᠵᠢᠨ10 ᠲᠦᠮᠡᠨ ᠲᠥᠭᠥᠷᠢᠭ᠎ᠤᠨ ᠨᠠᠭ᠋ᠠᠭᠤᠷ ᠴᠠᠭ᠋ᠠᠭᠤᠷ ᠪᠠᠢ᠌ᠨ᠎ᠠ ᠰᠢᠤ᠂ ᠲᠡᠷᠡ ᠵᠢᠯ ᠤᠯᠤᠰ᠎ᠤᠨ ᠠᠵᠢᠯᠲᠠᠨ᠎ᠤ ᠰᠠᠷ᠎ᠠ ᠵᠢᠨ ᠴᠠᠯᠢᠩ ᠳᠥᠩᠭᠡᠵᠢ 20 ᠲᠥᠭᠥᠷᠢᠭ ᠪᠠᠢ᠌ᠭᠰᠠᠨ᠂ ᠲᠠ ᠨᠠᠷ ᠴᠤ᠌ ᠶᠡᠬᠡ ᠡᠨᠡᠷᠢᠯ᠎ᠲᠠᠢ ᠬᠥᠮᠥᠨ ᠶᠤᠮ ᠠ᠋》 ᠭᠡᠵᠦ ᠬᠡᠯᠡᠵᠦ ᠪᠠᠢ᠌ᠭᠰᠠᠨ ᠪᠢᠯᠡ᠃ 《ᠰᠠᠢ᠌ᠨ᠎ᠤ ᠦᠢ᠍ᠯᠡ ᠰᠠᠷ᠎ᠠ ᠵᠢᠨ ᠭᠠᠵᠠᠷ᠎ᠲᠤ》 ᠭᠡᠳᠡᠭ ᠶᠠᠭ ᠡᠨᠡ ᠳ᠋ᠠ᠂ ᠡᠨᠡ ᠬᠣᠷᠸ᠎ᠠ᠎ᠳᠤ ᠪᠢᠳᠠ ᠬᠠᠮᠢᠭ᠎ᠠ ᠬᠡᠵᠢᠶ᠎ᠡ ᠴᠤ᠌ ᠭᠡᠰᠡᠨ ᠨᠢᠭᠡ ᠨᠢᠭᠡᠨ ᠵᠢᠡᠨ ᠡᠨᠡᠷᠢᠵᠦ ᠬᠠᠢ᠌ᠷᠠᠯᠠᠵᠤ᠂ ᠰᠡᠳᠬᠢᠯ᠎ᠤᠨ ᠬᠦᠴᠦ᠎ᠪᠠᠷ ᠳᠡᠮᠵᠢᠵᠤ ᠬᠠᠪᠰᠤᠷᠤᠯᠴᠠᠵᠤ ᠶᠠᠪᠤᠪᠠᠯ ᠢᠷᠡᠭᠡᠳᠦᠢ ᠨᠡᠡᠭ ᠭᠡᠭᠡᠨ ᠰᠠᠷᠠᠭᠤᠯ ᠪᠠᠢ᠌ᠬᠤ᠎ᠨᠢ ᠳᠠᠮᠵᠢᠭ ᠦᠭᠡᠢ᠃

 

ᠢᠷᠡᠯᠲᠡ᠄ ᠥᠪᠥᠷ ᠮᠣᠩᠭᠤᠯ᠎ᠤᠨ ᠡᠳᠦᠷ᠎ᠤᠨ ᠰᠣᠨᠢᠨ