ᠢᠯᠡ ᠵᠠᠰᠠᠭ   -   ᠪᠠᠶ᠋ᠢᠭᠤᠯᠤᠮᠵᠢ

ᠳ᠋ᠸᠩᠺᠸᠦ ᠰᠢᠶᠠᠨ᠎ᠤ ᠰᠤᠷᠭ᠋ᠠᠨ ᠬᠥᠮᠦᠵᠢᠯ᠎ᠤᠨ ᠲᠣᠪᠴᠢᠶ᠎ᠠ

ᠨᠡᠶ᠋ᠢᠲᠡᠯᠡᠭᠰᠡᠨ ᠴᠠᠭ᠄   2024-02-26

      ᠭᠣᠣᠯ ᠡᠭᠦᠷᠭᠡ ᠬᠠᠷᠢᠭᠤᠴᠠᠯᠭ᠎ᠠ
      ᠨᠠᠮ ᠪᠠ ᠲᠤᠢ᠍ᠷᠦ ᠵᠢᠨ ᠰᠤᠷᠭ᠋ᠠᠨ ᠬᠥᠮᠦᠵᠢᠯ᠎ᠤᠨ ᠴᠢᠭᠯᠡᠯᠲᠡ᠂ ᠲᠤᠢ᠍ᠷᠦ ᠵᠢᠨ ᠪᠤᠳᠦᠯᠭ᠎ᠠ ᠪᠠ ᠬᠠᠤᠯᠢ ᠲᠣᠭᠲᠠᠭ᠋ᠠᠯ᠎ᠢ ᠲᠤᠭᠤᠰᠢᠯᠠᠭᠤᠯᠤᠨ ᠬᠡᠷᠡᠭᠵᠢᠭᠦᠯᠦᠨ᠎ᠡ᠃ ᠪᠦᠬᠦ ᠰᠢᠶᠠᠨ᠎ᠤ ᠡᠯ᠎ᠡ ᠲᠦᠷᠦᠯ᠎ᠤᠨ ᠰᠤᠷᠭ᠋ᠠᠨ ᠬᠥᠮᠦᠵᠢᠯ᠎ᠤᠨ ᠬᠥᠭᠵᠢᠯᠲᠡ ᠵᠢᠨ ᠲᠥᠯᠥᠪᠵᠢᠭᠦᠯᠭᠡ ᠵᠢ ᠨᠢᠭᠡᠳᠦᠯᠲᠡᠶ ᠲᠥᠯᠥᠪᠯᠡᠨ ᠲᠣᠬᠢᠷᠠᠭᠤᠯᠵᠤ᠂ ᠰᠤᠷᠭ᠋ᠠᠭᠤᠯᠢ ᠵᠢᠨ ᠪᠠᠶ᠋ᠢᠷᠢᠰᠢᠯ᠂ ᠰᠤᠷᠭ᠋ᠠᠭᠤᠯᠢ ᠵᠢᠨ ᠪᠠᠶ᠋ᠢᠷᠢᠯᠠᠭᠤᠯᠤᠯᠲᠠ ᠵᠡᠷᠭᠡ ᠴᠢᠬᠤᠯᠠ ᠶᠡᠬᠡ ᠶᠠᠪᠤᠳᠠᠯ᠎ᠤᠳ᠎ᠢ ᠵᠣᠬᠢᠰᠲᠠᠶ ᠲᠣᠬᠢᠷᠠᠭᠤᠯᠤᠨ᠎ᠠ; ᠰᠤᠷᠬᠤ ᠨᠠᠰᠤᠨ᠎ᠠᠴᠠ ᠡᠮᠦᠨᠡᠬᠢ ᠰᠤᠷᠭ᠋ᠠᠨ ᠬᠥᠮᠦᠵᠢᠯ᠂ ᠰᠠᠭᠤᠷᠢ ᠰᠤᠷᠭ᠋ᠠᠨ ᠬᠥᠮᠦᠵᠢᠯ᠂ ᠠᠵᠢᠯ ᠮᠡᠷᠭᠡᠵᠢᠯ᠎ᠤᠨ ᠰᠤᠷᠭ᠋ᠠᠨ ᠬᠥᠮᠦᠵᠢᠯ᠂ ᠨᠠᠰᠤᠨ᠎ᠳᠤ ᠭᠦᠷᠦᠭᠰᠡᠳ᠎ᠤᠨ ᠰᠤᠷᠭ᠋ᠠᠨ ᠬᠥᠮᠦᠵᠢᠯ ᠵᠡᠷᠭᠡ᠎ᠳᠤ ᠬᠣᠷᠸ᠎ᠠ ᠵᠢᠯᠣᠭᠣᠳᠣᠯᠭ᠎ᠠ ᠪᠠ ᠶᠡᠷᠦᠩᠬᠡᠶ᠋ᠢᠯᠡᠭᠰᠡᠨ ᠬᠠᠮᠢᠶᠠᠷᠤᠯᠲᠠ ᠵᠢ ᠬᠡᠷᠡᠭᠵᠢᠭᠦᠯᠬᠦ ᠵᠢ ᠬᠠᠷᠢᠭᠤᠴᠠᠵᠤ᠂ ᠰᠢᠶᠠᠨ᠎ᠤ ᠵᠠᠰᠠᠭ᠎ᠤᠨ ᠣᠷᠳᠣᠨ᠎ᠢ ᠲᠥᠯᠥᠭᠡᠯᠡᠨ ᠳᠣᠤᠷᠠᠳᠤ ᠱᠠᠲᠤᠨ᠎ᠤ ᠵᠠᠰᠠᠭ᠎ᠤᠨ ᠣᠷᠳᠣᠨ ᠪᠠ ᠰᠤᠷᠭ᠋ᠠᠭᠤᠯᠢ ᠵᠢᠨ ᠠᠵᠢᠯ᠎ᠤᠨ ᠪᠠᠶ᠋ᠢᠳᠠᠯ ᠵᠢᠴᠢ ᠰᠤᠷᠭ᠋ᠠᠭᠤᠯᠢ ᠡᠷᠭᠢᠯᠡᠬᠦ ᠬᠢᠷᠢ ᠬᠡᠮᠵᠢᠶ᠎ᠡ ᠵᠢ ᠬᠢᠨᠠᠨ ᠵᠢᠯᠣᠭᠣᠳᠬᠤ ᠪᠠ ᠦᠨᠡᠯᠡᠨ ᠵᠢᠱ᠌ᠢᠨ᠎ᠡ; ᠺᠠᠳ᠋ᠷ ᠪᠠ ᠪᠠᠭᠰᠢ ᠵᠢᠨ ᠪᠣᠯᠪᠠᠰᠤᠷᠠᠭᠤᠯᠤᠯ᠂ ᠪᠠᠭᠰᠢ ᠵᠢᠨ ᠡᠩᠨᠡᠭᠡᠨ᠎ᠤ ᠪᠠᠶ᠋ᠢᠭᠤᠯᠤᠯᠲᠠ ᠵᠢᠨ ᠲᠥᠯᠥᠪᠵᠢᠭᠦᠯᠭᠡ ᠵᠢᠨ ᠵᠢᠯᠤᠭᠤᠳᠤᠯᠭ᠎ᠠ ᠵᠢ ᠬᠠᠷᠢᠭᠤᠴᠠᠨ᠎ᠠ; ᠰᠤᠷᠭ᠋ᠠᠨ ᠬᠥᠮᠦᠵᠢᠯ᠎ᠤᠨ ᠪᠠᠶ᠋ᠢᠭᠤᠯᠤᠯ᠂ ᠰᠤᠷᠭ᠋ᠠᠭᠤᠯᠢ ᠡᠷᠬᠢᠯᠡᠬᠦ ᠪᠠᠶ᠋ᠢᠭᠤᠯᠤᠯ᠂ ᠰᠤᠷᠭ᠋ᠠᠭᠤᠯᠢ ᠵᠢᠨ ᠬᠠᠮᠢᠶᠠᠷᠤᠯᠲᠠ ᠵᠢᠨ ᠪᠠᠶ᠋ᠢᠭᠤᠯᠤᠯ᠂ ᠬᠤᠳᠠ ᠬᠥᠳᠡᠭᠡ ᠵᠢᠨ ᠰᠤᠷᠭ᠋ᠠᠨ ᠬᠥᠮᠦᠵᠢᠯ᠎ᠤᠨ ᠶᠡᠷᠦᠩᠬᠡᠶ᠋ᠢᠯᠡᠭᠰᠡᠨ ᠥᠭᠡᠷᠡᠴᠢᠯᠡᠯᠲᠡ ᠵᠢ ᠨᠢᠭᠡᠳᠦᠯᠲᠡᠶ ᠲᠥᠯᠥᠪᠵᠢᠭᠦᠯᠬᠦ ᠪᠠ ᠵᠢᠯᠣᠭᠣᠳᠤᠨ ᠬᠡᠷᠡᠭᠵᠢᠭᠦᠯᠬᠦ ᠵᠢ ᠬᠠᠷᠢᠭᠤᠴᠠᠨ᠎ᠠ; ᠰᠤᠷᠭ᠋ᠠᠨ ᠬᠥᠮᠦᠵᠢᠯ᠎ᠤᠨ ᠵᠠᠷᠤᠳᠠᠯ᠎ᠤᠨ ᠲᠥᠰᠦᠪ ᠪᠠ ᠲᠥᠰᠦᠪ᠎ᠤᠨ ᠭᠦᠢ᠍ᠴᠡᠳᠬᠡᠯ᠎ᠤᠨ ᠠᠵᠢᠯ᠎ᠢ ᠵᠢᠯᠣᠭᠣᠳᠴᠤ᠂ ᠪᠦᠬᠦ ᠰᠢᠶᠠᠨ᠎ᠤ ᠰᠤᠷᠭ᠋ᠠᠨ ᠬᠥᠮᠦᠵᠢᠯ᠎ᠤᠨ ᠵᠠᠷᠤᠳᠠᠯ᠎ᠤᠨ ᠬᠠᠮᠢᠶᠠᠷᠤᠯᠲᠠ ᠬᠡᠷᠡᠭᠯᠡᠯᠲᠡ ᠵᠢᠨ ᠪᠠᠶ᠋ᠢᠳᠠᠯ᠎ᠢ ᠪᠠᠶ᠋ᠢᠴᠠᠭ᠋ᠠᠵᠤ ᠬᠢᠨᠠᠯᠲᠠ ᠲᠠᠯᠪᠢᠨ᠎ᠠ; ᠰᠢᠶᠠᠨ᠎ᠤ ᠨᠠᠮ᠎ᠤᠨ ᠬᠣᠷᠢᠶ᠎ᠠ᠂ ᠰᠢᠶᠠᠨ᠎ᠤ ᠵᠠᠰᠠᠭ᠎ᠤᠨ ᠣᠷᠳᠣᠨ᠎ᠤ ᠲᠤᠰᠢᠶᠠᠭᠰᠠᠨ ᠪᠤᠰᠤᠳ ᠠᠵᠢᠯ᠎ᠤᠨ ᠡᠭᠦᠷᠭᠡ ᠵᠢ ᠳᠠᠭ᠋ᠠᠭ᠋ᠠᠨ ᠭᠦᠢ᠍ᠴᠡᠳᠬᠡᠨ᠎ᠡ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ