ᠢᠯᠡ ᠵᠠᠰᠠᠭ   -   ᠲᠦᠷᠦ᠎ᠶᠢᠨ ᠪᠣᠳᠤᠯᠭ᠎ᠠ᠎ᠶᠢᠨ ᠲᠠᠶ᠋ᠢᠯᠤᠮᠵᠢ

ᠠᠵᠢᠯ ᠠᠯᠳᠠᠭᠰᠠᠳ᠎ᠤᠨ ᠲ᠋ᠠᠭ᠋ᠠᠳᠬᠠᠯ᠎ᠤᠨ ᠮᠦᠩᠭᠦ᠎ᠪᠠᠨ ᠠᠪᠤᠭᠰᠠᠨ ᠪᠠᠢ᠍ᠢ᠍ᠳᠠᠯ ᠳᠣᠣᠷ᠎ᠠ ᠡᠪᠡᠳᠴᠢᠨ ᠦᠵᠡᠭᠦᠯᠭᠦ ᠡᠮᠴᠢᠯᠡᠭᠡᠨ᠎ᠤ ᠳᠠᠭ᠋ᠠᠳᠬᠠᠯ ᠵᠶ᠋ᠠᠷ ᠳᠠᠩᠰᠠ ᠪᠠᠰᠠ ᠳᠠᠢ᠍ᠢ᠍ᠯᠵᠤ ᠪᠣᠯᠬᠤ ᠦᠦ?

ᠨᠡᠶ᠋ᠢᠲᠡᠯᠡᠭᠰᠡᠨ ᠴᠠᠭ᠄   2025-05-23

      ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠮᠦᠩᠭᠦ᠎ᠪᠠᠨ ᠠᠪᠤᠭᠰᠠᠨ ᠠᠵᠢᠯ ᠠᠯᠳᠠᠭᠰᠠᠳ ᠎ᠤᠨ ᠡᠮᠴᠢᠯᠡᠭᠡᠨ᠋᠎ᠤ ᠳᠠᠭ᠋ᠠᠳᠬᠠᠯ᠎ᠨᠢ ᠊ ᠶᠠᠭ᠍ᠠᠬᠢᠬᠤ ᠪᠤᠶ? ᠥᠪᠡᠷᠰᠡᠳ ᠵᠶ᠋ᠠᠨ ᠰᠦᠢ᠍ᠳᠬᠡᠯ ᠲᠤᠰᠢᠶᠠᠬᠤ  ᠴᠢᠬᠤᠯᠠ᠎ᠲᠠᠢ ᠦᠦ? ᠡᠪᠡᠳᠴᠢᠨ ᠵᠶ᠋ᠠᠨ ᠦᠵᠡᠭᠦᠯᠭᠦ ᠎ᠳᠤ ᠲᠠᠩᠰᠠ ᠪᠠᠰᠠ  ᠲᠠᠢ᠍ᠢ᠍ᠯᠵᠤ  ᠳᠠᠢ᠍ᠯᠤᠨ᠎ᠠ ᠦᠦ? ᠠᠵᠢᠯ ᠠᠯᠳᠠᠭᠰᠠᠳ ᠎ᠤᠨ ᠳᠠᠭ᠋ᠠᠳᠬᠠᠯ᠎ᠤᠨ ᠮᠥᠩᠭᠦ ᠬᠦᠷᠲᠡᠵᠦ ᠪᠠᠢ᠍ᠢ᠍ᠭ᠎ᠠ ᠬᠤᠭᠤᠴᠠᠭ᠍ᠠᠨ᠋᠎ᠳᠤ ᠴᠣᠬᠤᠮ ᠶᠠᠮᠠᠷ ᠶᠠᠮᠠᠷ ᠬᠠᠷᠠᠭ᠍ᠠᠯᠵᠠᠯ ᠭᠥᠷᠳᠡᠵᠦ ᠪᠣᠯᠬᠤ ᠪᠤᠶ? ᠤᠯᠠᠨ᠋᠎ᠤ ᠠᠩᠬᠠᠷᠴᠤ ᠪᠠᠢ᠍ᠢ᠍ᠭ᠎ᠠ ᠡᠳᠡᠭᠡᠷ ᠠᠰᠠᠭᠤᠳᠠᠯ᠎ᠤᠳ᠎ᠲᠤ ᠨᠢᠭᠡᠳ ᠨᠢᠭᠡ᠎ᠪᠠᠷ ᠬᠠᠷᠢᠭᠤᠯᠲᠠ ᠥᠭᠭᠦᠶ᠎ᠡ᠃
      ᠨᠢᠭᠡ᠂ ᠠᠵᠢᠯ ᠠᠯᠳᠠᠭᠰᠠᠳ ᠎ᠤᠨ ᠳᠠᠭ᠋ᠠᠳᠬᠠᠯ᠎ᠤᠨ ᠮᠥᠩᠭᠦ ᠬᠦᠷᠲᠡᠵᠦ ᠪᠠᠢ᠍ᠢ᠍ᠭ᠎ᠠ ᠬᠤᠭᠤᠴᠠᠭ᠍ᠠᠨ᠋᠎ᠳᠤ  ᠦᠷᠭᠦᠯᠵᠢᠯᠡᠨ ᠡᠮᠴᠢᠯᠡᠭᠡᠨ᠋᠎ᠤ ᠳᠠᠭ᠋ᠠᠳᠬᠠᠯ᠎ᠤᠨ ᠬᠠᠷᠠᠭ᠍ᠠᠯᠵᠠᠯ ᠬᠦᠷᠲᠡᠵᠦ ᠪᠣᠯᠣᠨ᠎ᠠ ᠦᠦ?
      ᠪᠣᠯᠣᠨ᠎ᠠ᠃ ᠠᠵᠢᠯ ᠠᠯᠳᠠᠭᠰᠠᠳ ᠎ᠤᠨ ᠲ᠋ᠠᠭ᠋ᠠᠳᠬᠠᠯ ᠎ᠤᠨ ᠮᠥᠩᠭᠦ ᠬᠦᠷᠲᠡᠵᠦ ᠪᠠᠢ᠍ᠢ᠍ᠭ᠎ᠠ  ᠬᠥᠮᠥᠰ᠎ᠤᠨ ᠠᠵᠢᠯᠲᠠᠨ ᠠᠵᠢᠯᠴᠢᠨ᠋᠎ᠤ ᠡᠮᠴᠢᠯᠡᠭᠡᠨ᠋᠎ᠤ ᠳᠠᠭ᠋ᠠᠳᠬᠠᠯ᠎ᠳᠤ ᠤᠷᠣᠯᠴᠠᠬᠤ᠎ᠪᠠᠷ ᠲᠤᠰᠢᠶᠠᠬᠤ ᠶᠣᠰᠣᠲᠠᠢ ᠦᠨᠳᠦᠰᠦᠨ ᠡᠮᠴᠢᠯᠡᠭᠡᠨ᠋᠎ᠤ ᠳᠠᠭ᠋ᠠᠳᠬᠠᠯ᠎ᠤᠨ ᠰᠦᠢ᠍ᠳᠬᠡᠯ᠎ᠢ ᠠᠵᠢᠯ ᠠᠯᠳᠠᠭᠰᠠᠳ ᠎ᠤᠨ ᠳᠠᠭ᠋ᠠᠳᠬᠠᠯ ᠎ᠤᠨ ᠰᠠᠭᠤᠷᠢ ᠮᠥᠩᠭᠦᠨ᠎ᠠ ᠎ᠠᠴᠠ ᠲᠤᠰᠢᠶᠠᠵᠤ ᠥᠭᠬᠦᠨ᠎ᠡ᠂ ᠬᠤᠪᠢ ᠬᠥᠮᠥᠨ ᠰᠦᠢ᠍ᠳᠬᠡᠯ ᠲᠤᠰᠢᠶᠠᠬᠤ ᠦᠭᠡᠢ᠃ ᠥᠭᠡᠷ᠎ᠡ᠎ᠪᠠᠷ ᠬᠡᠯᠡᠪᠡᠯ᠂ ᠠᠵᠢᠯ ᠠᠯᠳᠠᠭᠰᠠᠳ᠎ᠤᠨ ᠡᠮᠴᠢᠯᠡᠭᠡᠨ᠋᠎ᠤ ᠊ ᠳᠠᠭ᠋ᠠᠳᠬᠠᠯ᠎ᠤᠨ ᠊ ᠠᠵᠢᠯ ᠠᠯᠳᠠᠭᠰᠠᠳ ᠎ᠤᠨ ᠳᠠᠭ᠋ᠠᠳᠬᠠᠯ᠎ᠤᠨ ᠮᠥᠩᠭᠦᠨ᠎ᠠ᠎ᠠᠴᠠ  ᠰᠢᠭᠤᠳ ᠲᠤᠰᠢᠶᠠᠵᠤ ᠥᠭᠭᠦᠨ᠎ᠡ᠃
      ᠬᠤᠶᠠᠷ᠂ ᠠᠵᠢᠯ ᠠᠯᠳᠠᠭᠰᠠᠳ᠎ᠤᠨ ᠳᠠᠭ᠋ᠠᠳᠬᠠᠯ ᠎ᠤᠨ ᠮᠥᠩᠭᠦ ᠬᠦᠷᠲᠡᠵᠦ ᠪᠠᠢ᠍ᠢ᠍ᠭ᠎ᠠ ᠬᠥᠮᠥᠰ ᠥᠪᠡᠷᠰᠡᠳ᠎ᠤᠨ ᠠᠵᠢᠯᠲᠠᠨ ᠠᠵᠢᠯᠴᠢᠨ᠋᠎ᠤ ᠦᠨᠳᠦᠰᠦᠨ ᠡᠮᠴᠢᠯᠡᠭᠡᠨ᠋᠎ᠤ ᠳᠠᠭ᠋ᠠᠳᠬᠠᠯ᠎ᠤᠨ ᠰᠦᠢ᠍ᠳᠬᠡᠯ ᠲᠤᠰᠢᠶᠠᠬᠤ  ᠴᠢᠬᠤᠯᠠ᠎ᠲᠠᠢ ᠦᠦ?
      ᠠᠵᠢᠯ ᠠᠯᠳᠠᠭᠰᠠᠳ ᠎ᠤᠨ ᠠᠵᠢᠯᠲᠠᠨ ᠠᠵᠢᠯᠴᠢᠨ᠋᠎ᠤ ᠦᠨᠳᠦᠰᠦᠨ ᠡᠮᠴᠢᠯᠡᠭᠡᠨ᠋᠎ᠤ ᠳᠠᠭ᠋ᠠᠳᠬᠠᠯ ᠎ᠤᠨ ᠰᠦᠢ᠍ᠳᠬᠡᠯ᠎ᠤᠨ ᠡᠯ᠎ᠡ ᠱᠠᠲᠤᠨ᠋᠎ᠤ ᠠᠵᠢᠯ ᠠᠯᠳᠠᠭᠰᠠᠳ ᠎ᠤᠨ ᠳᠠᠭ᠋ᠠᠳᠬᠠᠯ᠎ᠤᠨ ᠭᠠᠷᠳᠠᠨ ᠬᠢᠬᠦ   ᠪᠠᠢ᠍ᠢ᠍ᠭᠤᠯᠤᠮᠵᠢ᠎ᠨᠢ ᠊᠎ᠨᠤᠭᠤᠳ ᠰᠠᠷ᠎ᠠ᠎ᠪᠠᠷ ᠨᠢᠭᠡᠴᠢ ᠪᠣᠯᠭ᠍ᠠᠨ ᠣᠷᠣᠯᠠᠨ ᠲᠤᠰᠢᠶᠠᠨ᠎ᠠ᠃ ᠠᠵᠢᠯ ᠠᠯᠳᠠᠭᠰᠠᠳ᠎ᠲᠤ ᠠᠪᠴᠤ ᠬᠡᠯᠡᠪᠡᠯ᠂ ᠠᠵᠢᠯ ᠠᠯᠳᠠᠭᠰᠠᠳ ᠎ᠤᠨ ᠲ᠋ᠠᠭ᠋ᠠᠳᠬᠠᠯ ᠎ᠤᠨ ᠮᠦᠩᠭᠦ᠎ᠪᠠᠨ  ᠭᠤᠶᠤᠴᠢᠯᠠᠨ ᠣᠯᠣᠭᠰᠠᠨ᠋᠎ᠤ ᠳᠠᠷᠠᠭ᠎ᠠ᠂ ᠥᠪᠡᠷᠰᠡᠳ ᠵᠶ᠋ᠠᠨ ᠡᠮᠴᠢᠯᠡᠭᠡᠨ᠋᠎ᠤ ᠳᠠᠭ᠋ᠠᠳᠬᠠᠯ᠎ᠤᠨ ᠰᠦᠢ᠍ᠳᠬᠡᠯ ᠲᠤᠰᠢᠶᠠᠬᠤ ᠴᠢᠬᠤᠯᠠ ᠦᠭᠡᠢ᠃
      ᠭᠤᠷᠪᠠ᠂ ᠠᠵᠢᠯ ᠠᠯᠳᠠᠭᠰᠠᠳ᠎ᠤᠨ  ᠳᠠᠭ᠋ᠠᠳᠬᠠᠯ᠎ᠤᠨ ᠮᠥᠩᠭᠦ ᠬᠦᠷᠲᠡᠵᠦ ᠪᠠᠢ᠍ᠢ᠍ᠭ᠎ᠠ ᠬᠥᠮᠥᠰ ᠶᠠᠮᠠᠷ ᠶᠠᠮᠠᠷ ᠡᠮᠴᠢᠯᠡᠭᠡᠨ᠋ ᠎ᠤ ᠳᠠᠭ᠋ᠠᠳᠬᠠᠯ᠎ᠤᠨ ᠬᠠᠷᠠᠭ᠍ᠠᠯᠵᠠᠯ ᠬᠦᠷᠲᠡᠵᠦ ᠪᠣᠯᠬᠤ ᠪᠤᠢ?
      ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠮᠥᠩᠭᠦ ᠬᠦᠷᠲᠡᠵᠦ ᠪᠠᠢ᠍ᠢ᠍ᠭ᠎ᠠ  ᠬᠥᠮᠥᠰ᠎ᠨᠢ ᠠᠵᠢᠯ ᠎ᠤᠨ ᠪᠠᠶᠢᠷᠢᠨ᠋᠎ᠳᠤ᠎ᠪᠠᠨ ᠪᠠᠢ᠍ᠢ᠍ᠭ᠎ᠠ ᠠᠵᠢᠯᠲᠠᠨ ᠠᠵᠢᠯᠴᠢᠨ᠋᠎ᠲᠠᠢ ᠡᠭᠡᠭᠡ ᠠᠳᠠᠯᠢᠬᠠᠨ᠎ᠢᠶᠠᠷ ᠦᠨᠳᠦᠰᠦᠨ ᠡᠮᠴᠢᠯᠡᠭᠡᠨ᠋᠎ᠤ ᠳᠠᠭ᠋ᠠᠳᠬᠠᠯ  ᠎ᠤᠨ ᠬᠠᠷᠠᠭ᠍ᠠᠯᠵᠠᠯ (  ᠡᠮᠨᠡᠯᠭᠡ ᠎ᠳᠤ  ᠰᠠᠭᠤᠬᠤ᠂  ᠡᠭ ᠎ᠤᠨ ᠡᠭᠦᠳᠡᠨ ᠡᠮᠨᠡᠯᠭᠡ ᠎ᠳᠤ ᠡᠮᠨᠡᠭᠦᠯᠬᠦ᠂ ᠡᠭᠦᠳᠡᠨ ᠡᠮᠨᠡᠯᠭᠡ᠎ᠳᠤ ᠤᠵᠢᠭ ᠡᠪᠡᠳᠴᠢᠨ ᠣᠨᠴᠠᠭ᠍ᠠᠶ ᠡᠪᠡᠳᠴᠢᠨ ᠡᠮᠨᠡᠭᠦᠯᠭᠦ᠎ᠳᠤ ᠨᠢᠭᠡᠳᠦᠯᠲᠡᠢ ᠲᠥᠯᠥᠪᠯᠡᠬᠦ ᠬᠠᠷᠠᠭ᠍ᠠᠯᠵᠠᠯ᠎ᠢ   ᠪᠠᠭᠲᠠᠭ᠍ᠠᠨ᠎ᠠ) ᠪᠠ ᠦᠷᠡᠵᠢᠯ ᠎ᠤᠨ ᠳᠠᠭ᠍ᠠᠳᠬᠠᠯ ᠎ᠤᠨ ᠬᠠᠷᠠᠭ᠍ᠠᠯᠵᠠᠯ᠎ᠢ  ᠬᠦᠷᠲᠡᠵᠦ ᠪᠣᠯᠣᠨ᠎ᠠ᠃
      ᠳᠥᠷᠪᠡ᠂ ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠮᠥᠩᠭᠦ ᠬᠦᠷᠲᠡᠵᠦ ᠪᠠᠶᠢᠭ᠎ᠠ ᠬᠤᠭᠤᠴᠠᠭ᠍ᠠᠨ᠋᠎ᠲᠤ ᠡᠮᠴᠢᠯᠡᠭᠡᠨ᠋᠎ᠤ ᠳᠠᠭ᠋ᠠᠳᠬᠠᠯ᠎ᠤᠨ ᠬᠠᠷᠠᠭ᠍ᠠᠯᠵᠠᠯ ᠎ᠢ ᠦᠷᠭᠦᠯᠵᠢᠯᠡᠨ ᠬᠦᠷᠲᠡᠭᠡᠳ ᠪᠠᠶᠢᠵᠤ ᠪᠣᠯᠣᠨ᠎ᠠ ᠦᠦ?
    ᠪᠣᠯᠣᠨ᠎ᠠ᠃ ᠠᠵᠢᠯ ᠠᠯᠳᠠᠭᠰᠠᠳ᠎ᠢ ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠮᠥᠩᠭᠦ ᠬᠦᠷᠲᠡᠵᠦ ᠪᠠᠢ᠍ᠢ᠍ᠭ᠎ᠠ  ᠬᠤᠭᠤᠴᠠᠭ᠍ᠠᠨ᠋᠎ᠳᠤ᠂ ᠠᠵᠢᠯ ᠠᠯᠳᠠᠭᠰᠠᠳ᠎ᠤᠨ ᠳᠠᠭ᠋ᠠᠳᠬᠠᠯ᠎ᠤᠨ ᠰᠠᠭᠤᠷᠢ ᠮᠥᠩᠭᠦ  ᠴᠠ ᠠᠵᠢᠯᠲᠠᠨ ᠠᠵᠢᠯᠴᠢᠨ᠋ ᠎ᠤ ᠦᠨᠳᠦᠰᠦᠨ ᠡᠮᠴᠢᠯᠡᠭᠡᠨ᠋ ᠎ᠤ ᠳᠠᠭ᠋ᠠᠳᠬᠠᠯ᠎ᠤᠨ ᠰᠦᠢ᠍ᠳᠬᠡᠯ᠎ᠢ᠎ᠨᠢ ᠢᠵᠢᠯ ᠠᠯᠬᠤᠮ ᠵᠶᠠᠷ ᠲᠤᠰᠢᠶᠠᠵᠤ ᠥᠭᠭᠦᠨ᠎ᠡ᠂ ᠠᠵᠢᠯ ᠠᠯᠳᠠᠭᠰᠠᠳ ᠎ᠤᠨ ᠳᠠᠭ᠋ᠠᠳᠬᠠᠯ᠎ᠤᠨ ᠮᠥᠩᠭᠦ ᠵᠢ ᠬᠡᠳᠦᠢ ᠤᠷᠲᠤ ᠬᠤᠭᠤᠴᠠᠭ᠎ᠠ ᠠᠪᠤᠪᠠᠯ ᠠᠵᠢᠯᠲᠠᠨ ᠠᠵᠢᠯᠴᠢᠨ᠋᠎ᠤ ᠦᠨᠳᠦᠰᠦᠨ ᠡᠮᠴᠢᠯᠡᠭᠡᠨ᠋ ᠎ᠤ ᠳᠠᠭ᠋ᠠᠳᠬᠠᠯ᠎ᠤᠨ ᠰᠦᠢ᠍ᠳᠬᠡᠯ᠎ᠢ᠎ᠨᠢ ᠳᠠᠷᠤᠢ ᠲᠡᠳᠦᠢ ᠤᠷᠲᠤ ᠬᠤᠭᠤᠴᠠᠭ᠎ᠠ ᠲᠤᠰᠢᠶᠠᠵᠤ ᠥᠭᠭᠦᠨ᠎ᠡ᠃
      ᠲᠠᠪᠤ᠂ ᠠᠵᠢᠯ ᠠᠯᠳᠠᠭᠰᠠᠳ᠎ᠤᠨ ᠳᠠᠭ᠋ᠠᠳᠬᠠᠯ ᠎ᠤᠨ ᠮᠥᠩᠭᠦ ᠬᠦᠷᠲᠡᠵᠦ  ᠪᠠᠢ᠍ᠢ᠍ᠭ᠎ᠠ ᠬᠤᠭᠤᠴᠠᠭ᠍ᠠᠨ᠋᠎ᠳᠤ ᠠᠵᠢᠯᠲᠠᠨ ᠠᠵᠢᠯᠴᠢᠨ᠋᠎ᠤ ᠦᠨᠳᠦᠰᠦᠨ ᠡᠮᠴᠢᠯᠡᠭᠡᠨ᠋᠎ᠤ ᠊ ᠳᠠᠭ᠋ᠠᠳᠬᠠᠯ᠎ᠤᠨ ᠰᠦᠢ᠍ᠳᠬᠡᠯ ᠲᠤᠰᠢᠶᠠᠭᠰᠠᠨ ᠵᠢᠯ ᠬᠤᠭᠤᠴᠠᠭ᠎ᠠ ᠵᠢ  ᠨᠡᠢ᠍ᠢ᠍ᠯᠡᠭᠦᠯᠦᠨ ᠪᠤᠳᠤᠵᠤ ᠥᠭᠭᠦᠨ᠎ᠡ ᠦᠦ?
      ᠪᠣᠳᠣᠵᠤ ᠥᠭᠭᠦᠨ᠎ᠡ᠃ ᠠᠵᠢᠯ ᠠᠯᠳᠠᠭᠰᠠᠳ᠎ᠤᠨ ᠳᠠᠭ᠋ᠠᠳᠬᠠᠯ  ᠎ᠤᠨ ᠮᠥᠩᠭᠦ ᠬᠦᠷᠲᠡᠵᠦ ᠪᠠᠶᠢᠭ᠎ᠠ ᠬᠥᠮᠥᠰ ᠎ᠤᠨ ᠠᠵᠢᠯᠲᠠᠨ ᠠᠵᠢᠯᠴᠢᠨ᠋ ᠎ᠤ ᠊ ᠡᠮᠴᠢᠯᠡᠭᠡᠨ᠋ ᠎ᠤ ᠳᠠᠭ᠋ᠠᠳᠬᠠᠯ᠎ᠳᠤ ᠤᠷᠣᠯᠴᠠᠬᠤ᠎ᠪᠠᠷ ᠰᠦᠢ᠍ᠳᠬᠡᠯ ᠲᠤᠰᠢᠶᠠᠭᠰᠠᠨ ᠵᠢᠯ ᠬᠤᠭᠤᠴᠠᠭ᠎ᠠ ᠵᠢ᠎ᠨᠢ ᠲᠡᠭᠦᠨ᠋᠎ᠳᠤ ᠠᠵᠢᠯ ᠠᠯᠳᠠᠭᠰᠠᠳ᠎ᠤᠨ ᠡᠮᠦᠨᠡᠬᠢ ᠠᠵᠢᠯᠲᠠᠨ ᠠᠵᠢᠯᠴᠢᠨ᠋᠎ᠤ ᠊ ᠡᠮᠴᠢᠯᠡᠭᠡᠨ᠋᠎ᠤ ᠳᠠᠭ᠋ᠠᠳᠬᠠᠯ᠎ᠳᠤ ᠤᠷᠣᠯᠴᠠᠬᠤ᠎ᠪᠠᠷ ᠰᠦᠢ᠍ᠳᠬᠡᠯ ᠲᠤᠰᠢᠶᠠᠭᠰᠠᠨ ᠵᠢᠯ ᠬᠤᠭᠤᠴᠠᠭ᠎ᠠ ᠵᠢ᠎ᠨᠢ    ᠨᠡᠢ᠍ᠢ᠍ᠯᠡᠭᠦᠯᠦᠨ ᠪᠣᠳᠣᠨ᠎ᠠ᠃

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠤ ᠮᠣᠩᠭᠤᠯ ᠰᠦᠯᠵᠢᠶ᠎ᠡ