ᠢᠯᠡ ᠵᠠᠰᠠᠭ   -   ᠪᠢᠴᠢᠭ ᠮᠠᠲ᠋ᠧᠷᠢᠶᠠᠯ

ᠪᠠᠶᠠᠨᠨᠠᠭᠤᠷ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠪᠠᠶᠠᠨᠨᠠᠭᠤᠷ ᠬᠤᠲᠠ ᠵᠢᠨ ᠬᠠᠷᠢᠴᠠᠩᠭᠤᠶ ᠪᠡᠶ᠎ᠡ᠎ᠪᠠᠨ ᠳᠠᠭ᠋ᠠᠭ᠋ᠠᠭᠰᠠᠨ ᠬᠠᠪᠲᠠᠭ᠋ᠠᠶ ᠪᠠᠶ᠋ᠢᠷᠢᠰᠢᠯ᠎ᠤᠨ ᠰᠢᠰᠲ᠋ᠧᠮ᠎ᠢ ᠡᠬᠢᠯᠡᠨ ᠬᠡᠷᠡᠭᠯᠡᠬᠦ ᠲᠤᠬᠠᠶ ᠵᠠᠷᠯᠠᠯ

ᠨᠡᠶ᠋ᠢᠲᠡᠯᠡᠭᠰᠡᠨ ᠴᠠᠭ᠄   2024-09-14

      《ᠪᠥᠬᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠬᠡᠮᠵᠢᠨ ᠵᠢᠷᠤᠭᠯᠠᠬᠤ ᠬᠠᠤᠯᠢ》 ᠵᠢ ᠦᠨᠳᠦᠰᠦᠯᠡᠨ᠂ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠢᠩᠬᠢᠮ᠎ᠤᠨ ᠵᠥᠪᠰᠢᠶᠡᠷᠡᠯ ᠵᠶ᠋ᠠᠷ᠂ ᠮᠠᠨ᠎ᠤ ᠬᠤᠲᠠ 2024 ᠣᠨ᠎ᠤ 9 ᠰᠠᠷ᠎ᠠ ᠵᠢᠨ 1᠎ᠤ ᠡᠳᠦᠷ᠎ᠠᠴᠠ ᠡᠬᠢᠯᠡᠨ᠂ 2000 ᠪᠠᠶᠠᠨᠨᠠᠭᠤᠷ᠎ᠤᠨ ᠬᠠᠷᠢᠴᠠᠩᠭᠤᠶ ᠪᠡᠶ᠎ᠡ᠎ᠪᠠᠨ ᠳᠠᠭ᠋ᠠᠭ᠋ᠠᠭᠰᠠᠨ ᠬᠠᠪᠲᠠᠭ᠋ᠠᠢ ᠰᠣᠯᠪᠢᠴᠠᠯ᠎ᠤᠨ ᠰᠢᠰᠲ᠋ᠧᠮ (ᠳᠥᠭᠦᠮᠴᠢᠯᠡᠭᠡᠳ 《ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ᠎ᠤᠨ ᠰᠢᠰᠲ᠋ᠧᠮ》 ᠭᠡᠵᠦ ᠲᠣᠪᠴᠢᠯᠠᠨ᠎ᠠ)᠎ᠢ ᠡᠬᠢᠯᠡᠭᠦᠯᠵᠦ᠂ ᠡᠳᠦᠭᠡ ᠬᠤᠯᠪᠣᠭᠳᠠᠯ ᠪᠥᠬᠦᠶ ᠵᠦᠢ᠍ᠯᠡᠰ᠎ᠢ ᠳᠣᠤᠷᠠᠬᠢ ᠮᠡᠲᠦ ᠵᠠᠷᠯᠠᠶ᠎ᠠ᠄ ᠨᠢᠭᠡ᠂ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ ᠪᠣᠯ ᠮᠠᠨ᠎ᠤ ᠬᠤᠲᠠ ᠵᠢᠨ ᠴᠣᠷ᠎ᠤᠨ ᠭᠠᠭᠴᠠ ᠬᠠᠤᠯᠢ ᠶᠣᠰᠣᠨ᠎ᠤ ᠬᠠᠷᠢᠴᠠᠩᠭᠤᠢ ᠪᠡᠶ᠎ᠡ᠎ᠪᠠᠨ ᠳᠠᠭ᠋ᠠᠭ᠋ᠠᠭᠰᠠᠨ ᠬᠡᠪᠲᠡᠭᠡ ᠪᠠᠶ᠋ᠢᠷᠢᠰᠢᠯ᠎ᠤᠨ ᠰᠢᠰᠲ᠋ᠧᠮ ᠮᠥᠨ᠃ ᠬᠤᠶᠠᠷ᠂ 2024 ᠣᠨ᠎ᠤ 9 ᠰᠠᠷ᠎ᠠ ᠵᠢᠨ 1᠎ᠤ ᠡᠳᠦᠷ᠎ᠠᠴᠠ ᠡᠬᠢᠯᠡᠨ᠂ ᠪᠥᠬᠦ ᠬᠤᠲᠠ ᠵᠢᠨ ᠬᠡᠪᠴᠢᠶᠡᠨ᠎ᠳᠤ ᠬᠡᠮᠵᠢᠨ ᠵᠢᠷᠤᠬᠤ ᠭᠠᠵᠠᠷ ᠵᠦᠶ ᠵᠢᠨ ᠮᠡᠳᠡᠭᠡ ᠵᠠᠩᠭᠢ ᠵᠢᠴᠢ ᠲᠡᠭᠦᠨ᠎ᠤ ᠬᠠᠮᠢᠶ᠎ᠠ ᠪᠥᠬᠦᠶ ᠠᠵᠢᠯᠯᠠᠭ᠎ᠠ ᠵᠢ ᠬᠢᠬᠦ᠎ᠳᠤ᠂ ᠪᠠᠶᠠᠨᠨᠠᠭᠤᠷ᠎ᠤᠨ ᠲᠤᠰᠠᠭ᠋ᠠᠷ ᠰᠣᠯᠪᠢᠴᠠᠯ ᠰᠢᠰᠲ᠋ᠧᠮ᠎ᠢ ᠬᠡᠷᠡᠭᠯᠡᠬᠦ ᠬᠡᠷᠡᠭᠲᠡᠶ᠃ ᠤᠯᠤᠰ᠎ᠠᠴᠠ ᠪᠠᠶ᠋ᠢᠷᠢᠰᠢᠯ᠎ᠤᠨ ᠰᠢᠰᠲ᠋ᠧᠮ᠎ᠢ ᠬᠡᠷᠡᠭᠯᠡᠬᠦ ᠲᠤᠬᠠᠢ ᠠᠰᠲᠠᠭ᠋ᠠᠨ ᠲᠣᠭᠲᠠᠭ᠋ᠠᠯ᠎ᠲᠠᠢ ᠪᠣᠯ ᠲᠡᠷᠡ ᠲᠣᠭᠲᠠᠭ᠋ᠠᠯ᠎ᠢ ᠵᠢᠷᠤᠮᠯᠠᠨ᠎ᠠ᠃ ᠭᠤᠷᠪᠠ᠂ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ ᠰᠢᠰᠲ᠋ᠧᠮ᠎ᠨᠢ ᠮᠠᠨ᠎ᠤ ᠬᠤᠲᠠ ᠵᠢᠨ ᠣᠲᠣ ᠪᠠᠶ᠋ᠢᠭ᠎ᠠ ᠪᠤᠰᠤᠳ ᠡᠯ᠎ᠡ ᠲᠥᠷᠥᠯ᠎ᠤᠨ ᠲᠤᠰᠠᠭ᠋ᠠᠷ ᠪᠠᠶ᠋ᠢᠷᠢᠰᠢᠯ ᠪᠦᠬᠦᠢ ᠰᠢᠰᠲ᠋ᠧᠮ᠎ᠲᠠᠢ ᠰᠣᠯᠢᠯᠴᠠᠬᠤ᠂ ᠵᠣᠯᠭ᠋ᠠᠭᠤᠯᠬᠤ ᠰᠢᠯᠵᠢᠯᠲᠡ ᠵᠢᠨ ᠬᠤᠭᠤᠴᠠᠭ᠎ᠠ᠎ᠨᠢ ᠨᠢᠭᠡ ᠵᠢᠯ ᠪᠣᠯᠤᠨ᠎ᠠ᠃ ᠣᠲᠣ ᠵᠢᠨ ᠪᠠᠶ᠋ᠢᠭ᠎ᠠ ᠡᠯ᠎ᠡ ᠲᠥᠷᠥᠯ᠎ᠤᠨ ᠬᠡᠮᠵᠢᠨ ᠵᠢᠷᠤᠭᠯᠠᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ ᠪᠠ ᠭᠠᠵᠠᠷ ᠵᠦᠶ ᠵᠢᠨ ᠮᠡᠳᠡᠭᠡ ᠵᠠᠩᠭᠢ ᠵᠢᠨ ᠰᠢᠰᠲ᠋ᠧᠮ᠎ᠨᠢ ᠰᠢᠯᠵᠢᠯᠲᠡ ᠵᠢᠨ ᠬᠤᠭᠤᠴᠠᠭ᠋ᠠᠨ᠎ᠳᠤ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ᠎ᠤᠨ ᠰᠢᠰᠲ᠋ᠧᠮ᠎ᠳᠤ ᠰᠢᠯᠵᠢᠭᠦᠯᠦᠨ ᠥᠭᠪᠡᠯ ᠵᠣᠬᠢᠨ᠎ᠠ᠃ ᠳᠥᠷᠪᠡ᠂ ᠬᠤᠲᠠ ᠵᠢᠨ ᠪᠠᠶ᠋ᠢᠭ᠋ᠠᠯᠢ ᠵᠢᠨ ᠡᠬᠢ ᠪᠠᠶᠠᠯᠢᠭ᠎ᠤᠨ ᠲᠣᠪᠴᠢᠶ᠎ᠠ ᠪᠠᠶᠠᠨᠨᠠᠭᠤᠷ᠎ᠤᠨ ᠲᠤᠰᠠᠭ᠋ᠠᠷ ᠰᠣᠯᠪᠢᠴᠠᠯ ᠰᠢᠰᠲ᠋ᠧᠮ᠎ᠢ ᠡᠬᠢᠯᠡᠨ ᠬᠡᠷᠡᠭᠯᠡᠬᠦ ᠠᠵᠢᠯ᠎ᠢ ᠵᠣᠬᠢᠶᠠᠨ ᠪᠠᠶ᠋ᠢᠭᠤᠯᠤᠨ ᠬᠡᠷᠡᠭᠵᠢᠭᠦᠯᠬᠦ ᠠᠵᠢᠯ᠎ᠢ ᠬᠠᠷᠢᠭᠤᠴᠠᠵᠤ᠂ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠥᠴᠢᠷ᠎ᠤᠨ ᠣᠲᠣ ᠵᠢᠨ ᠪᠠᠶ᠋ᠢᠭ᠎ᠠ ᠬᠡᠮᠵᠢᠨ ᠵᠢᠷᠤᠭᠯᠠᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ᠎ᠤᠨ ᠪᠠᠶ᠋ᠢᠷᠢᠰᠢᠯ᠎ᠤᠨ ᠬᠤᠪᠢᠷᠠᠭᠤᠯᠤᠯᠲᠠ᠎ᠳᠤ ᠦᠨ᠎ᠡ ᠲᠥᠯᠥᠪᠦᠷᠢ ᠥᠬᠡᠶ᠎ᠪᠠᠷ ᠮᠡᠷᠭᠡᠵᠢᠯ᠎ᠤᠨ ᠳᠡᠮᠵᠢᠯᠭᠡ ᠪᠠ ᠦᠢ᠍ᠯᠡᠴᠢᠯᠡᠭᠡ ᠬᠠᠩᠭ᠋ᠠᠨ᠎ᠠ; ᠬᠤᠲᠠ ᠵᠢᠨ ᠱᠠᠲᠤᠨ᠎ᠤ ᠰᠠᠭᠤᠷᠢ ᠬᠡᠮᠵᠢᠨ ᠵᠢᠷᠤᠭᠯᠠᠯᠲᠠ ᠵᠢᠨ ᠦᠷ᠎ᠡ ᠪᠦᠲᠦᠭᠡᠯ᠎ᠤᠨ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ ᠰᠢᠰᠲ᠋ᠧᠮ ᠵᠶ᠋ᠠᠨ ᠬᠤᠪᠢᠷᠠᠭᠤᠯᠬᠤ ᠵᠢ ᠬᠠᠷᠢᠭᠤᠴᠠᠨ ᠪᠡᠶᠡᠯᠡᠭᠦᠯᠬᠦ ᠵᠢᠨ ᠬᠠᠮᠲᠤ ᠨᠡᠶ᠋ᠢᠭᠡᠮ᠎ᠳᠤ ᠬᠡᠷᠡᠭᠯᠡᠭᠡ ᠬᠠᠩᠭ᠋ᠠᠨ᠎ᠠ᠃ ᠡᠯ᠎ᠡ ᠬᠤᠰᠢᠭᠤ ᠰᠢᠶᠠᠨ ᠲᠣᠭᠤᠷᠢᠭ᠂ ᠬᠠᠮᠢᠶᠠᠷᠤᠯᠲᠠ ᠵᠢᠨ ᠵᠥᠪᠯᠡᠯ᠎ᠨᠢ ᠲᠣᠰ ᠭᠠᠵᠠᠷ ᠣᠷᠣᠨ᠎ᠤ᠎ᠪᠠᠨ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯᠳᠦ ᠰᠢᠰᠲ᠋ᠧᠮ᠎ᠢ ᠡᠬᠢᠯᠡᠨ ᠬᠡᠷᠡᠭᠯᠡᠬᠦ ᠠᠵᠢᠯ᠎ᠢ ᠵᠣᠬᠢᠶᠠᠨ ᠪᠠᠶ᠋ᠢᠭᠤᠯᠤᠨ ᠬᠡᠷᠡᠭᠵᠢᠭᠦᠯᠬᠦ ᠠᠵᠢᠯ᠎ᠢ ᠬᠠᠷᠢᠭᠤᠴᠠᠨ᠎ᠠ; ᠲᠤᠰ ᠭᠠᠵᠠᠷ ᠣᠷᠣᠨ᠎ᠤ ᠬᠡᠮᠵᠢᠨ ᠵᠢᠷᠤᠭᠯᠠᠬᠤ ᠭᠠᠵᠠᠷ ᠵᠦᠶ ᠵᠢᠨ ᠮᠡᠳᠡᠭᠡ ᠵᠠᠩᠭᠢ ᠵᠢᠨ ᠦᠷ᠎ᠡ ᠪᠦᠲᠦᠭᠡᠯ᠎ᠢ ᠪᠠᠶᠠᠨᠨᠠᠭᠤᠷ᠎ᠤᠨ ᠲᠤᠰᠠᠭ᠋ᠠᠷ ᠪᠠᠶ᠋ᠢᠷᠢᠰᠢᠯ᠎ᠤᠨ ᠰᠢᠰᠲ᠋ᠧᠮ᠎ᠳᠤ ᠬᠤᠪᠢᠷᠠᠭᠤᠯᠬᠤ ᠵᠢ ᠪᠡᠶᠡᠯᠡᠭᠦᠯᠦᠨ᠎ᠡ᠃ ᠡᠭᠦᠨ᠎ᠤ ᠲᠤᠯᠠ ᠣᠨᠴᠠᠭ᠋ᠠᠶ᠋ᠢᠯᠠᠨ ᠵᠠᠷᠯᠠᠪᠠ

        ᠪᠠᠶᠠᠨᠨᠠᠭᠤᠷ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ 2024 ᠣᠨ᠎ᠤ 8 ᠰᠠᠷ᠎ᠠ ᠵᠢᠨ 23᠎ᠤ ᠡᠳᠦᠷ
    
    

ᠢᠷᠡᠯᠲᠡ᠄ ᠪᠠᠶᠠᠨᠨᠠᠭᠤᠷ ᠬᠤᠲᠠ ᠵᠢᠨ ᠠᠷᠠᠳ᠎ᠤᠨ ᠵᠠᠰᠠᠭ᠎ᠤᠨ ᠣᠷᠳᠣᠨ᠎ᠤ ᠵᠠᠰᠠᠭ᠎ᠤᠨ ᠶᠠᠪᠤᠳᠠᠯ᠎ᠤᠨ ᠮᠣᠩᠭᠤᠯ ᠰᠦᠯᠵᠢᠶ᠎ᠡ