ᠢᠯᠡ ᠵᠠᠰᠠᠭ   -   ᠪᠢᠴᠢᠭ ᠮᠠᠲ᠋ᠧᠷᠢᠶᠠᠯ

《ᠳ᠋ᠧᠩᠺᠧᠦ ᠰᠢᠶᠠᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ (2021 — 2025 ᠣᠨ)》᠎ᠢ ᠳᠠᠷᠤᠮᠠᠯᠯᠠᠨ ᠲᠠᠷᠬᠠᠭ᠋ᠠᠬᠤ ᠲᠤᠬᠠᠢ ᠮᠡᠳᠡᠭᠳᠡᠯ

ᠨᠡᠶ᠋ᠢᠲᠡᠯᠡᠭᠰᠡᠨ ᠴᠠᠭ᠄   2023-03-24

                   ᠳ᠋ᠧᠩᠺᠧᠦ ᠵᠠᠰᠠᠭ ᠠᠯᠪᠠᠨ ᠲᠠᠷᠬᠠᠭ᠋ᠠᠭᠰᠠᠨ [2022] 30 ᠳ᠋ᠤᠭ᠋ᠠᠷ ᠲᠣᠭ᠋ᠠᠲᠤ  
                       ᠳ᠋ᠧᠩᠺᠧᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠭᠡᠷ
        《ᠳ᠋ᠧᠩᠺᠧᠦ ᠰᠢᠶᠠᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ

          ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ (2021 — 2025 ᠣᠨ)》᠎ᠢ ᠳᠠᠷᠤᠮᠠᠯᠯᠠᠨ

                                      ᠲᠠᠷᠬᠠᠭ᠋ᠠᠬᠤ ᠲᠤᠬᠠᠢ ᠮᠡᠳᠡᠭᠳᠡᠯ


ᠡᠯ᠎ᠡ ᠰᠤᠮᠤ ᠪᠠᠯᠭ᠋ᠠᠰᠤ᠂ ᠲᠠᠷᠢᠶᠠᠯᠠᠩ᠎ᠤᠨ ᠲᠠᠯᠠᠪᠠᠢ ᠵᠢᠨ ᠺᠣᠮᠫᠠᠨᠢ᠂ ᠰᠢᠶᠠᠨ᠎ᠤ ᠰᠢᠭᠤᠳ ᠬᠠᠷᠢᠶ᠎ᠠ ᠡᠯ᠎ᠡ ᠬᠠᠮᠢᠶ᠎ᠠ ᠪᠦᠬᠦᠢ ᠰᠠᠯᠠᠭ᠎ᠠ ᠮᠥᠴᠢᠷ᠎ᠲᠤ᠄
      《ᠳ᠋ᠧᠩᠺᠧᠦ ᠰᠢᠶᠠᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ (2021 — 2025 ᠣᠨ)》᠎ᠢ ᠡᠳᠦᠭᠡ ᠲᠠᠨᠠᠷ᠎ᠲᠤ ᠳᠠᠷᠤᠮᠠᠯᠯᠠᠨ ᠶᠠᠪᠤᠭᠤᠯᠤᠶ᠎ᠠ᠂ ᠬᠢᠨᠠᠮᠠᠭ᠋ᠠᠢ ᠲᠤᠭᠤᠰᠢᠯᠠᠭᠤᠯᠤᠨ ᠬᠡᠷᠡᠭᠵᠢᠭᠦᠯᠦᠭᠡᠷᠡᠢ᠃
                                        ᠳ᠋ᠧᠩᠺᠧᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠠᠯᠪᠠᠨ ᠭᠡᠷ
                                                2022 ᠣᠨ᠎ᠤ 9 ᠰᠠᠷ᠎ᠠ ᠵᠢᠨ 8᠎ᠤ ᠡᠳᠦᠷ




           《ᠳ᠋ᠧᠩᠺᠧᠦ ᠰᠢᠶᠠᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ

          ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ (2021 — 2025 ᠣᠨ)》


      ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ (ᠳᠣᠷᠣᠭᠰᠢ 《ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ》 ᠭᠡᠵᠦ ᠲᠣᠪᠴᠢᠯᠠᠨ᠎ᠠ) ᠵᠢ ᠪᠦᠬᠦ ᠲᠠᠯ᠎ᠠ᠎ᠪᠠᠷ ᠨᠠᠶ᠋ᠢᠳᠠᠪᠤᠷᠢᠵᠢᠭᠤᠯᠬᠤ ᠵᠢᠨ ᠲᠥᠯᠥᠭᠡ᠂ 《〈ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠱᠠᠩᠨᠠᠨ ᠬᠥᠬᠢᠭᠦᠯᠬᠦ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠵᠢᠯᠣᠭᠣᠳᠬᠤ ᠰᠠᠨᠠᠯ〉᠎ᠢ ᠳᠠᠷᠤᠮᠠᠯᠯᠠᠨ ᠲᠠᠷᠬᠠᠭ᠋ᠠᠬᠤ ᠲᠤᠬᠠᠢ ᠡᠳ᠋᠎ᠤᠨ ᠵᠠᠰᠠᠭ᠎ᠤᠨ ᠶᠠᠮᠤᠨ᠎ᠤ ᠲᠠᠷᠢᠶᠠᠯᠠᠩ ᠬᠥᠳᠡᠭᠡ ᠲᠣᠰᠬᠣᠨ᠎ᠤ ᠶᠠᠮᠤᠨ ᠤᠯᠤᠰ᠎ᠤᠨ ᠣᠢ ᠰᠢᠭᠤᠢ ᠡᠪᠡᠰᠦ ᠪᠡᠯᠴᠢᠭᠡᠷ᠎ᠤᠨ ᠲᠣᠪᠴᠢᠶ᠎ᠠ ᠵᠢᠨ ᠮᠡᠳᠡᠭᠳᠡᠯ》 (ᠡᠳ᠋ ᠲᠠᠷᠢᠶᠠᠯᠠᠩ [2021] 82 ᠳ᠋ᠤᠭ᠋ᠠᠷ ᠲᠣᠭ᠋ᠠᠲᠤ) ᠪᠣᠯᠤᠨ 《〈ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ〉᠎ᠢ ᠳᠠᠷᠤᠮᠠᠯᠯᠠᠨ ᠶᠠᠪᠤᠭᠤᠯᠬᠤ ᠲᠤᠬᠠᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠳ᠋᠎ᠤᠨ ᠵᠠᠰᠠᠭ᠎ᠤᠨ ᠲᠢᠩᠬᠢᠮ᠎ᠤᠨ ᠲᠠᠷᠢᠶᠠᠯᠠᠩ ᠮᠠᠯ ᠠᠵᠤ ᠠᠬᠤᠢ ᠵᠢᠨ ᠲᠢᠩᠬᠢᠮ᠎ᠤᠨ ᠣᠢ ᠰᠢᠭᠤᠢ ᠪᠠ ᠨᠤᠲᠤᠭ ᠪᠡᠯᠴᠢᠭᠡᠷ᠎ᠤᠨ ᠲᠣᠪᠴᠢᠶ᠎ᠠ ᠵᠢᠨ ᠮᠡᠳᠡᠭᠳᠡᠯ》 (ᠥᠪᠥᠷ ᠡᠳ᠋ ᠲᠠᠷᠢᠶᠠᠯᠠᠩ [2021] 1190 ᠳ᠋ᠦᠭᠡᠷ ᠲᠣᠭ᠋ᠠᠲᠤ) 《ᠪᠠᠶᠠᠨᠨᠠᠭᠤᠷ ᠬᠣᠲᠠ ᠵᠢᠨ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠲᠥᠰᠦᠯ (2021 — 2025 ᠣᠨ)᠎ᠤᠨ ᠮᠡᠳᠡᠭᠳᠡᠯ》 ᠵᠡᠷᠭᠡ ᠪᠢᠴᠢᠭ ᠮᠠᠲ᠋ᠧᠷᠢᠶᠠᠯ᠎ᠤᠨ ᠵᠣᠷᠢᠭ ᠰᠠᠨᠠᠭ᠎ᠠ ᠵᠢ ᠦᠨᠳᠦᠰᠦᠯᠡᠨ᠂ ᠳ᠋ᠧᠩᠺᠧᠦ ᠰᠢᠶᠠᠨ᠎ᠤ ᠪᠣᠳᠠᠲᠤ ᠪᠠᠶ᠋ᠢᠳᠠᠯ᠎ᠲᠠᠢ ᠤᠶᠠᠯᠳᠤᠭᠤᠯᠵᠤ᠂ ᠲᠤᠰ ᠲᠥᠰᠦᠯ᠎ᠢ ᠲᠣᠭᠲᠠᠭ᠋ᠠᠪᠠ᠃
      ᠨᠢᠭᠡ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠵᠢᠨ ᠴᠢᠬᠤᠯᠠ ᠠᠴᠢ ᠬᠣᠯᠪᠣᠭᠳᠠᠯ
      ᠨᠤᠲᠤᠭ ᠪᠡᠯᠴᠢᠭᠡᠷ᠎ᠨᠢ ᠮᠠᠨ᠎ᠤ ᠤᠯᠤᠰ᠎ᠤᠨ ᠠᠮᠢ ᠠᠬᠤᠢ ᠵᠢᠨ ᠪᠣᠯᠪᠠᠰᠤᠨ᠎ᠤ ᠪᠠᠶ᠋ᠢᠭᠤᠯᠤᠯᠲᠠ ᠪᠠ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢᠨ ᠶᠡᠬᠡ ᠲᠠᠯ᠎ᠠ᠎ᠳᠤ ᠴᠢᠬᠤᠯᠠ ᠪᠠᠶ᠋ᠢᠯᠳᠤᠬᠤ ᠪᠣᠳᠣᠯᠭ᠎ᠠ ᠵᠢᠨ ᠪᠠᠶ᠋ᠢᠷᠢ ᠰᠠᠭᠤᠷᠢ᠎ᠲᠠᠢ ᠶᠤᠮ᠃ 《ᠠᠷᠪᠠᠨ ᠳᠥᠷᠪᠡᠳᠦᠭᠡᠷ ᠲᠠᠪᠤᠨ ᠵᠢᠯ》᠎ᠤᠨ ᠲᠥᠯᠥᠪᠵᠢᠭᠦᠯᠭᠡ ᠵᠢᠨ ᠬᠤᠭᠤᠴᠠᠭ᠋ᠠᠨ᠎ᠳᠤ᠂ ᠨᠤᠲᠤᠭ ᠪᠡᠯᠴᠢᠭᠡᠷ᠎ᠲᠤ ᠨᠥᠬᠥᠪᠥᠷᠢ ᠥᠭᠴᠦ ᠱᠠᠩᠨᠠᠬᠤ ᠲᠥᠷᠥ ᠵᠢᠨ ᠪᠣᠳᠣᠯᠭ᠎ᠠ ᠵᠢ ᠦᠷᠭᠦᠯᠵᠢᠯᠡᠨ ᠬᠡᠷᠡᠭᠵᠢᠭᠦᠯᠬᠦ ᠪᠣᠯ ᠰᠢ ᠵᠢᠨ ᠫᠢᠩ᠎ᠤᠨ ᠠᠮᠢ ᠠᠬᠤᠢ ᠵᠢᠨ ᠪᠣᠯᠪᠠᠰᠤᠨ᠎ᠤ ᠦᠵᠡᠯ ᠰᠠᠨᠠᠭ᠎ᠠ ᠵᠢ ᠲᠤᠭᠤᠰᠢᠯᠠᠭᠤᠯᠵᠤ᠂ ᠮᠠᠨ᠎ᠤ ᠤᠯᠤᠰ᠎ᠤᠨ ᠠᠵᠤ ᠠᠬᠤᠢ ᠨᠡᠶ᠋ᠢᠭᠡᠮ᠎ᠤᠨ ᠬᠥᠭᠵᠢᠯᠲᠡ ᠵᠢᠨ ᠪᠦᠬᠦ ᠲᠠᠯ᠎ᠠ ᠵᠢ ᠨᠢᠭᠡᠳᠦᠯᠲᠡᠢ ᠲᠥᠯᠥᠪᠯᠡᠬᠦ᠎ᠪᠠᠷ ᠲᠣᠭᠲᠠᠭ᠋ᠠᠭᠰᠠᠨ ᠴᠢᠬᠤᠯᠠ ᠶᠡᠬᠡ ᠰᠢᠢ᠍ᠳᠪᠦᠷᠢᠲᠦ ᠪᠣᠳᠣᠯᠭ᠎ᠠ ᠮᠥᠨ; ᠠᠷᠠᠳ ᠲᠦᠮᠡᠨ ᠵᠶ᠋ᠠᠷ ᠭᠣᠣᠯ ᠪᠣᠯᠭ᠋ᠠᠬᠤ ᠬᠥᠭᠵᠢᠯᠲᠡ ᠵᠢᠨ ᠦᠵᠡᠯ ᠰᠠᠨᠠᠭ᠎ᠠ ᠵᠢ ᠪᠠᠷᠢᠮᠲᠠᠯᠠᠵᠤ᠂ ᠬᠥᠮᠦᠨ ᠪᠣᠯᠤᠨ ᠪᠠᠶ᠋ᠢᠭ᠋ᠠᠯᠢ ᠵᠢᠨ ᠡᠶ᠎ᠡ ᠵᠣᠬᠢᠴᠠᠩᠭᠤᠢ᠎ᠪᠠᠷ ᠬᠠᠮᠲᠤ ᠣᠷᠣᠰᠢᠬᠤ ᠵᠢ ᠠᠬᠢᠭᠤᠯᠬᠤ ᠵᠢᠨ ᠪᠣᠳᠠᠲᠠᠢ ᠢᠯᠡᠷᠡᠯ ᠮᠥᠨ; ᠨᠤᠲᠤᠭ ᠪᠡᠯᠴᠢᠭᠡᠷ᠎ᠤᠨ ᠠᠮᠢ ᠠᠬᠤᠢ ᠵᠢ ᠬᠠᠮᠠᠭ᠋ᠠᠯᠠᠬᠤ᠂ ᠮᠠᠯᠴᠢᠨ ᠲᠠᠷᠢᠶᠠᠴᠢᠨ᠎ᠤ ᠠᠮᠢᠳᠤᠷᠠᠯ᠎ᠢ ᠰᠠᠶ᠋ᠢᠵᠢᠷᠠᠭᠤᠯᠬᠤ᠂ ᠮᠠᠯ ᠪᠡᠯᠴᠢᠭᠡᠷ᠎ᠤᠨ ᠦᠢ᠍ᠯᠡᠳᠪᠦᠷᠢᠯᠡᠯ᠎ᠤᠨ ᠬᠡᠯᠪᠡᠷᠢ ᠵᠢ ᠬᠤᠪᠢᠷᠠᠭᠤᠯᠬᠤ ᠪᠠ ᠦᠷᠭᠦᠯᠵᠢᠯᠡᠨ ᠬᠥᠭᠵᠢᠭᠦᠯᠬᠦ ᠵᠢ ᠨᠢᠭᠡᠳᠦᠯᠲᠡᠢ ᠲᠥᠯᠥᠪᠯᠡᠨ ᠠᠬᠢᠭᠤᠯᠵᠤ᠂ ᠮᠠᠯᠵᠢᠬᠤ ᠣᠷᠣᠨ᠎ᠤ ᠦᠢ᠍ᠯᠡᠳᠪᠦᠷᠢᠯᠡᠯ ᠠᠮᠢᠳᠤᠷᠠᠯ᠎ᠤᠨ ᠠᠮᠢ ᠠᠬᠤᠢ ᠵᠢᠨ ᠬᠠᠷᠢᠯᠴᠠᠨ ᠠᠬᠢᠭᠤᠯᠵᠤ ᠬᠠᠮᠲᠤᠪᠠᠷ ᠠᠰᠢᠭ ᠬᠦᠷᠲᠡᠬᠦ ᠵᠢ ᠪᠡᠶᠡᠯᠡᠭᠦᠯᠬᠦ ᠴᠢᠬᠤᠯᠠ ᠠᠷᠭ᠎ᠠ ᠬᠡᠮᠵᠢᠶ᠎ᠡ ᠪᠣᠯᠤᠨ᠎ᠠ᠃ ᠳ᠋ᠧᠩᠺᠧᠦ ᠰᠢᠶᠠᠨ 2011 ᠣᠨ᠎ᠠᠴᠠ ᠡᠬᠢᠯᠡᠵᠦ᠂ ᠠᠷᠪᠠᠨ ᠵᠢᠯ᠎ᠤᠨ ᠴᠢᠷᠮᠠᠶ᠋ᠢᠯᠭ᠎ᠠ᠎ᠪᠠᠷ ᠳᠠᠮᠵᠢᠨ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠢᠯᠡᠳᠲᠡ ᠦᠷ᠎ᠡ ᠪᠦᠲᠦᠮᠵᠢ ᠣᠯᠵᠤ᠂ ᠨᠤᠲᠤᠭ ᠪᠡᠯᠴᠢᠭᠡᠷ᠎ᠤᠨ ᠠᠮᠢ ᠠᠬᠤᠢ ᠢᠯᠡᠳᠲᠡ ᠰᠠᠶ᠋ᠢᠵᠢᠷᠠᠨ᠂ ᠮᠠᠯᠴᠢᠨ ᠲᠠᠷᠢᠶᠠᠴᠢᠨ᠎ᠤ ᠨᠤᠲᠤᠭ ᠪᠡᠯᠴᠢᠭᠡᠷ᠎ᠤᠨ ᠬᠠᠮᠠᠭ᠋ᠠᠯᠠᠯᠲᠠ ᠵᠢᠨ ᠦᠵᠡᠯ ᠤᠬᠠᠮᠰᠠᠷ ᠢᠯᠡᠳᠲᠡ ᠴᠢᠩᠭ᠋ᠠᠷᠠᠵᠤ᠂ ᠠᠮᠢᠳᠤᠷᠠᠯ᠎ᠤᠨ ᠬᠢᠷᠢ ᠲᠦᠪᠰᠢᠨ ᠦᠷᠭᠦᠯᠵᠢᠯᠡᠨ ᠰᠠᠶ᠋ᠢᠵᠢᠷᠠᠨ᠂ ᠮᠠᠯᠵᠢᠬᠤ ᠣᠷᠣᠨ᠎ᠤ ᠦᠢ᠍ᠯᠡᠳᠪᠦᠷᠢᠯᠡᠯ ᠠᠮᠢᠳᠤᠷᠠᠯ ᠠᠮᠢ ᠠᠬᠤᠢ ᠬᠠᠮᠠᠭ᠋ᠠᠯᠠᠯᠲᠠ ᠵᠢᠨ ᠳᠤᠮᠳᠠ ᠬᠥᠭᠵᠢᠵᠦ᠂ ᠨᠤᠲᠤᠭ ᠪᠡᠯᠴᠢᠭᠡᠷ᠎ᠤᠨ ᠥᠪᠡᠷ᠎ᠢ᠎ᠪᠠᠨ ᠰᠢᠨᠡᠳᠬᠡᠨ ᠰᠡᠷᠭᠦᠭᠡᠬᠦ ᠴᠢᠳᠠᠪᠤᠷᠢ ᠢᠯᠡᠳᠲᠡ ᠳᠡᠭᠡᠭᠰᠢᠯᠡᠨ᠂ ᠠᠮᠢᠳᠤ ᠪᠣᠳᠠᠰ᠎ᠤᠨ ᠣᠯᠠᠨ ᠶᠠᠩᠵᠤᠲᠤ ᠴᠢᠨᠠᠷ ᠡᠳᠦᠷ ᠢᠷᠡᠬᠦᠶ᠎ᠡ ᠪᠠᠶᠠᠯᠢᠭᠵᠢᠵᠤ᠂ ᠮᠠᠯ᠎ᠤᠨ ᠠᠰᠢᠭ ᠰᠢᠮ᠎ᠡ ᠵᠢᠨ ᠬᠠᠩᠭ᠋ᠠᠯᠭ᠎ᠠ ᠵᠢᠨ ᠴᠢᠳᠠᠪᠤᠷᠢ ᠲᠣᠭᠲᠠᠭᠤᠨ ᠵᠶ᠋ᠠᠷ ᠳᠡᠭᠡᠭᠰᠢᠯᠡᠪᠡ᠃
      ᠬᠣᠶᠠᠷ᠂ ᠶᠡᠷᠦᠩᠬᠡᠢ ᠬᠠᠷᠠᠯᠲᠠ ᠬᠢᠭᠡᠳ ᠦᠨᠳᠦᠰᠦᠨ ᠵᠠᠷᠴᠢᠮ
      (ᠨᠢᠭᠡ) ᠶᠡᠷᠦᠩᠬᠡᠢ ᠬᠠᠷᠠᠯᠲᠠ
      ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠶ᠋ᠢᠭᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠣᠭᠣᠳᠣᠯᠭ᠎ᠠ ᠪᠣᠯᠭ᠋ᠠᠵᠤ᠂ ᠬᠥᠬᠡᠮᠳᠦᠭ ᠨᠣᠭᠣᠭ᠋ᠠᠨ ᠠᠭᠤᠯᠠ ᠤᠰᠤ ᠪᠣᠯ ᠠᠯᠲᠠ ᠮᠥᠩᠭᠥᠨ ᠠᠭᠤᠯᠠ ᠭᠡᠬᠦ ᠬᠥᠭᠵᠢᠯᠲᠡ ᠵᠢᠨ ᠣᠶ᠋ᠢᠯᠠᠭ᠋ᠠᠭᠳᠠᠬᠤᠨ᠎ᠢ ᠪᠠᠲᠤ ᠪᠡᠬᠢ ᠪᠣᠢ ᠪᠣᠯᠭ᠋ᠠᠵᠤ᠂ 《ᠠᠭᠤᠯᠠ ᠤᠰᠤ ᠣᠢ ᠰᠢᠭᠤᠢ ᠲᠠᠷᠢᠶᠠᠨ ᠭᠠᠵᠠᠷ ᠨᠠᠭᠤᠷ ᠪᠦᠷᠢᠳᠦ ᠡᠪᠡᠰᠦ ᠡᠯᠡᠰᠦ ᠪᠣᠯ ᠨᠢᠭᠡᠨ ᠠᠮᠢ ᠨᠠᠰᠤᠨ᠎ᠤ ᠬᠠᠮᠲᠤ ᠵᠢᠨ ᠴᠣᠭᠴᠠ ᠮᠥᠨ》 ᠭᠡᠬᠦ ᠰᠢᠰᠲ᠋ᠧᠮᠲᠦ ᠰᠡᠳᠬᠢᠬᠦᠢ ᠵᠢ ᠪᠠᠷᠢᠮᠲᠠᠯᠠᠵᠤ᠂ ᠨᠤᠲᠤᠭ ᠪᠡᠯᠴᠢᠭᠡᠷ᠎ᠲᠤ ᠨᠥᠬᠥᠪᠥᠷᠢ ᠥᠭᠴᠦ ᠱᠠᠩᠨᠠᠬᠤ ᠪᠠ ᠬᠠᠮᠢᠶ᠎ᠠ ᠪᠦᠬᠦᠢ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ᠎ᠪᠠᠷ ᠳᠠᠮᠵᠢᠭᠤᠯᠤᠨ᠂ ᠨᠤᠲᠤᠭ ᠪᠡᠯᠴᠢᠭᠡᠷ᠎ᠤᠨ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠳᠦᠷᠢᠮ᠎ᠢ ᠨᠠᠶ᠋ᠢᠳᠠᠪᠤᠷᠢᠵᠢᠭᠤᠯᠵᠤ᠂ ᠮᠠᠯᠵᠢᠬᠤ ᠣᠷᠣᠨ᠎ᠤ ᠣᠳᠣᠬᠢᠴᠢᠯᠠᠯᠲᠠ ᠵᠢ ᠬᠡᠷᠡᠭᠵᠢᠭᠦᠯᠬᠦ ᠵᠢᠨ ᠲᠥᠯᠥᠭᠡ᠂ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ ᠵᠢᠨ ᠦᠷ᠎ᠡ ᠪᠦᠲᠦᠭᠡᠯ᠎ᠢ ᠪᠡᠬᠢᠵᠢᠭᠦᠯᠦᠨ ᠥᠷᠭᠡᠳᠬᠡᠬᠦ ᠵᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠯᠤᠭ᠎ᠠ ᠪᠦᠲᠦᠮᠵᠢᠲᠡᠢ ᠵᠣᠯᠭ᠋ᠠᠭᠤᠯᠬᠤ ᠵᠢ ᠰᠠᠶ᠋ᠢᠲᠤᠷ ᠬᠢᠵᠦ᠂ ᠠᠮᠢ ᠠᠬᠤᠢ ᠵᠢᠨ ᠪᠣᠯᠪᠠᠰᠤᠨ᠎ᠢ ᠪᠠᠶ᠋ᠢᠭᠤᠯᠬᠤ᠎ᠳᠤ ᠬᠤᠪᠢ ᠨᠡᠮᠡᠷᠢ ᠦᠵᠡᠭᠦᠯᠵᠦ᠂ ᠡᠬᠡ ᠤᠯᠤᠰ᠎ᠤᠨ ᠤᠮᠠᠷᠠᠲᠤ ᠵᠢᠨ ᠦᠵᠡᠰᠬᠦᠯᠡᠩᠲᠦ ᠰᠠᠶ᠋ᠢᠬᠠᠨ ᠦᠵᠡᠮᠵᠢ ᠵᠢᠨ ᠣᠷᠣᠨ᠎ᠢ ᠰᠠᠶ᠋ᠢᠲᠤᠷ ᠰᠠᠬᠢᠨ ᠬᠠᠮᠠᠭ᠋ᠠᠯᠠᠨ᠎ᠠ᠃
      (ᠬᠣᠶᠠᠷ) ᠦᠨᠳᠦᠰᠦᠨ ᠵᠠᠷᠴᠢᠮ
      ᠨᠢᠭᠡ᠎ᠳᠤ ᠠᠮᠢ ᠠᠬᠤᠢ ᠵᠢ ᠲᠡᠷᠢᠭᠦᠨ᠎ᠳᠤ ᠲᠠᠯᠪᠢᠬᠤ᠂ ᠪᠣᠬᠢᠷᠲᠤᠯ ᠦᠭᠡᠢ ᠬᠥᠭᠵᠢᠭᠦᠯᠬᠦ ᠵᠢ ᠪᠠᠷᠢᠮᠲᠠᠯᠠᠨ᠎ᠠ᠃ 《ᠠᠮᠢ ᠠᠬᠤᠢ ᠵᠢ ᠲᠡᠷᠢᠭᠦᠨ᠎ᠳᠤ ᠲᠠᠯᠪᠢᠵᠤ᠂ ᠦᠢ᠍ᠯᠡᠳᠪᠦᠷᠢᠯᠡᠯ ᠠᠮᠢ ᠠᠬᠤᠢ ᠵᠢ ᠣᠷᠭ᠋ᠠᠨᠢᠭ ᠵᠶ᠋ᠠᠷ ᠤᠶᠠᠯᠳᠤᠭᠤᠯᠬᠤ》 ᠦᠨᠳᠦᠰᠦᠨ ᠴᠢᠭᠯᠡᠯᠲᠡ ᠵᠢ ᠪᠠᠷᠢᠮᠲᠠᠯᠠᠨ᠂ ᠨᠤᠲᠤᠭ ᠪᠡᠯᠴᠢᠭᠡᠷ᠎ᠤᠨ ᠡᠯ᠎ᠡ ᠵᠦᠢ᠍ᠯ᠎ᠤᠨ ᠬᠠᠮᠠᠭ᠋ᠠᠯᠠᠯᠲᠠ ᠵᠢᠨ ᠳᠦᠷᠢᠮ᠎ᠤᠨ ᠨᠠᠶ᠋ᠢᠳᠠᠪᠤᠷᠢᠵᠢᠭᠤᠯᠤᠯᠲᠠ ᠵᠢ ᠠᠬᠢᠭᠤᠯᠵᠤ᠂ ᠨᠤᠲᠤᠭ ᠪᠡᠯᠴᠢᠭᠡᠷ᠎ᠤᠨ ᠠᠮᠢ ᠠᠬᠤᠢ ᠵᠢᠨ ᠣᠷᠴᠢᠨ ᠲᠣᠭᠣᠷᠢᠨ᠎ᠢ ᠬᠠᠮᠠᠭ᠋ᠠᠯᠠᠬᠤ ᠪᠠ ᠰᠡᠷᠭᠦᠭᠡᠵᠦ᠂ ᠮᠠᠯᠵᠢᠬᠤ ᠣᠷᠣᠨ᠎ᠤ ᠠᠵᠤ ᠠᠬᠤᠢ ᠨᠡᠶ᠋ᠢᠭᠡᠮ᠎ᠤᠨ ᠦᠷᠭᠦᠯᠵᠢᠯᠡᠨ ᠬᠥᠭᠵᠢᠬᠦ ᠰᠠᠭᠤᠷᠢ ᠵᠢ ᠪᠡᠬᠢᠵᠢᠭᠦᠯᠦᠨ᠎ᠡ᠃
      ᠬᠣᠶᠠᠷ᠎ᠲᠤ ᠡᠷᠬᠡ ᠬᠠᠷᠢᠭᠤᠴᠠᠯᠭ᠎ᠠ ᠵᠢ ᠲᠣᠳᠣᠷᠬᠠᠢ ᠪᠠᠶ᠋ᠢᠯᠭ᠋ᠠᠬᠤ᠂ ᠱᠠᠲᠤ ᠬᠤᠪᠢᠶᠠᠨ ᠨᠠᠶ᠋ᠢᠳᠠᠪᠤᠷᠢᠵᠢᠭᠤᠯᠬᠤ ᠵᠢ ᠪᠠᠷᠢᠮᠲᠠᠯᠠᠨ᠎ᠠ᠃ ᠤᠯᠠᠮ ᠨᠢᠭᠡ ᠠᠯᠬᠤᠮ ᠵᠠᠰᠠᠭ᠎ᠢ ᠴᠣᠮᠬᠠᠳᠬᠠᠨ ᠡᠷᠬᠡ ᠵᠢ ᠳᠣᠷᠣᠭᠰᠢ ᠪᠠᠭᠤᠯᠭ᠋ᠠᠵᠤ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ ᠲᠥᠷᠥ ᠵᠢᠨ ᠪᠣᠳᠣᠯᠭ᠎ᠠ ᠵᠢᠨ ᠪᠡᠯᠡ ᠮᠥᠩᠭᠥ᠂ ᠬᠠᠷᠠᠯᠲᠠ᠂ ᠡᠭᠦᠷᠭᠡ᠂ ᠬᠠᠷᠢᠭᠤᠴᠠᠯᠭ᠎ᠠ ᠵᠢ ᠪᠠᠷᠢᠮᠲᠠᠯᠠᠨ᠂ ᠠᠷᠭ᠎ᠠ ᠵᠢᠨ 《ᠲᠠᠪᠤᠨ ᠠᠶ᠋ᠢᠮᠠᠭ ᠬᠣᠲᠠ᠂ ᠬᠣᠰᠢᠭᠤ ᠰᠢᠶᠠᠨ᠎ᠳᠤ ᠬᠦᠷᠭᠡᠬᠦ》 ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠬᠤ ᠲᠣᠭᠲᠠᠴᠠ ᠵᠢ ᠪᠠᠷᠢᠮᠲᠠᠯᠠᠨ᠂ ᠰᠢᠶᠠᠨ᠎ᠤ ᠵᠠᠰᠠᠭ᠎ᠤᠨ ᠣᠷᠳᠣᠨ᠎ᠨᠢ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠭᠣᠣᠯ ᠴᠣᠭᠴᠠ ᠪᠠ ᠬᠠᠷᠢᠭᠤᠴᠠᠯᠭ᠎ᠠ ᠵᠢᠨ ᠭᠣᠣᠯ ᠴᠣᠭᠴᠠ ᠪᠣᠯᠵᠤ᠂ ᠨᠠᠷᠢᠨ ᠲᠣᠳᠣᠷᠬᠠᠢ ᠲᠥᠰᠦᠯ ᠲᠣᠭᠲᠠᠭ᠋ᠠᠨ᠂ ᠬᠠᠷᠠᠯᠲᠠᠲᠤ ᠬᠠᠷᠢᠭᠤᠴᠠᠯᠭ᠎ᠠ ᠵᠢᠨ ᠳᠦᠷᠢᠮ᠎ᠢ ᠱᠠᠲᠤ ᠳᠠᠷᠠᠭ᠋ᠠᠯᠠᠨ ᠪᠠᠶ᠋ᠢᠭᠤᠯᠵᠤ᠂ ᠡᠭᠦᠷᠭᠡ ᠵᠢᠨ ᠭᠦᠢ᠍ᠴᠡᠳᠬᠡᠬᠦ ᠲᠣᠭ᠎ᠠ ᠵᠢ ᠵᠠᠳᠠᠯᠬᠤ ᠬᠡᠷᠡᠭᠲᠡᠢ᠃
      ᠭᠤᠷᠪᠠ᠎ᠳᠤ ᠲᠥᠷᠥ ᠵᠢᠨ ᠪᠣᠳᠣᠯᠭ᠎ᠠ ᠵᠢ ᠲᠣᠭᠲᠠᠭᠤᠨ ᠪᠠᠶ᠋ᠢᠯᠭ᠋ᠠᠵᠤ᠂ ᠯᠠᠪᠳᠠᠭᠤᠨ ᠵᠶ᠋ᠠᠷ ᠲᠦᠯᠬᠢᠨ ᠠᠬᠢᠭᠤᠯᠬᠤ ᠵᠢ ᠪᠠᠷᠢᠮᠲᠠᠯᠠᠨ᠎ᠠ᠃ ᠲᠥᠷᠥ ᠵᠢᠨ ᠪᠣᠳᠣᠯᠭ᠎ᠠ ᠵᠢᠨ ᠬᠠᠷᠠᠯᠲᠠ ᠵᠢ ᠲᠣᠭᠲᠠᠭᠤᠨ ᠪᠠᠶ᠋ᠢᠯᠭ᠋ᠠᠬᠤ᠂ ᠬᠦᠷᠲᠡᠭᠡᠯ ᠬᠦᠷᠲᠡᠬᠦ ᠬᠥᠮᠦᠰ᠎ᠢ ᠦᠨᠳᠦᠰᠦᠨ᠎ᠳᠡᠭᠡᠨ ᠲᠣᠭᠲᠠᠭᠤᠨ ᠪᠠᠶ᠋ᠢᠯᠭ᠋ᠠᠬᠤ᠂ ᠲᠥᠷᠥ ᠵᠢᠨ ᠪᠣᠳᠣᠯᠭ᠎ᠠ ᠵᠢᠨ ᠳᠡᠮᠵᠢᠯᠭᠡ ᠵᠢᠨ ᠡᠷᠴᠢᠮ᠎ᠢ ᠰᠤᠯᠠᠷᠠᠭᠤᠯᠬᠤ ᠦᠭᠡᠢ᠂ ᠨᠥᠬᠥᠪᠥᠷᠢ ᠱᠠᠩᠨᠠᠯ᠎ᠤᠨ ᠪᠠᠷᠢᠮᠵᠢᠶ᠎ᠠ ᠵᠢ ᠪᠠᠭᠤᠷᠠᠭᠤᠯᠬᠤ ᠦᠭᠡᠢ᠂ ᠢᠵᠢ ᠪᠦᠷᠢᠳᠦᠭᠦᠯᠬᠦ ᠪᠡᠯᠡ ᠮᠥᠩᠭᠥ ᠵᠢ ᠲᠠᠰᠤᠷᠠᠯᠲᠠ ᠦᠭᠡᠢ ᠳᠠᠩᠰᠠ ᠡᠪᠬᠡᠮᠡᠯ᠎ᠲᠠᠢ ᠪᠠᠶ᠋ᠢᠯᠭ᠋ᠠᠬᠤ ᠵᠢ ᠪᠠᠲᠤᠯᠠᠵᠤ᠂ ᠡᠮᠦᠨᠡᠬᠢ ᠬᠣᠶᠠᠷ ᠡᠭᠡᠯᠵᠢ ᠵᠢᠨ ᠰᠠᠶ᠋ᠢᠨ ᠠᠷᠭ᠎ᠠ ᠬᠡᠮᠵᠢᠶ᠎ᠡ ᠪᠠ ᠠᠷᠭ᠎ᠠ ᠵᠢ ᠦᠷᠭᠦᠯᠵᠢᠯᠡᠨ ᠬᠡᠷᠡᠭᠵᠢᠭᠦᠯᠦᠨ᠎ᠡ᠃
      ᠳᠥᠷᠪᠡ᠎ᠳᠤ᠂ ᠡᠪᠡᠰᠦ ᠪᠡᠯᠴᠢᠭᠡᠷ ᠵᠶ᠋ᠠᠷ ᠮᠠᠯ᠎ᠤᠨ ᠲᠣᠭ᠎ᠠ ᠵᠢ ᠲᠣᠭᠲᠠᠭ᠋ᠠᠵᠤ᠂ ᠦᠷᠭᠦᠯᠵᠢᠯᠡᠨ ᠬᠥᠭᠵᠢᠭᠦᠯᠬᠦ ᠵᠢ ᠪᠠᠷᠢᠮᠲᠠᠯᠠᠨ᠎ᠠ᠃ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠬᠤ᠎ᠳᠤ ᠲᠤᠬᠠᠢ ᠵᠢᠨ ᠭᠠᠵᠠᠷ᠎ᠤᠨ ᠪᠡᠯᠴᠢᠭᠡᠷ᠎ᠤᠨ ᠡᠬᠢ ᠪᠠᠶᠠᠯᠢᠭ᠎ᠤᠨ ᠪᠤᠰᠤᠳᠴᠢ ᠪᠣᠳᠠᠲᠤ ᠪᠠᠶ᠋ᠢᠳᠠᠯ᠎ᠢ ᠬᠦᠨᠳᠦᠳᠬᠡᠵᠦ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ᠎ᠢ ᠰᠢᠨᠵᠢᠯᠡᠬᠦ ᠤᠬᠠᠭ᠋ᠠᠨᠴᠢ᠎ᠪᠠᠷ ᠵᠦᠢ ᠵᠣᠬᠢᠰᠲᠠᠢ ᠬᠤᠪᠢᠶᠠᠷᠢᠯᠠᠨ ᠲᠣᠭᠲᠠᠭ᠋ᠠᠵᠤ᠂ ᠪᠠᠶ᠋ᠢᠭ᠋ᠠᠯᠢ ᠵᠢᠨ ᠨᠤᠲᠤᠭ ᠪᠡᠯᠴᠢᠭᠡᠷ᠎ᠲᠤ ᠲᠣᠬᠢᠷᠠᠬᠤ ᠪᠡᠯᠴᠢᠭᠡᠷ᠎ᠤᠨ ᠪᠠᠭᠲᠠᠭ᠋ᠠᠮᠵᠢ ᠵᠢ ᠰᠢᠨᠵᠢᠯᠡᠬᠦ ᠤᠬᠠᠭ᠋ᠠᠨᠴᠢ᠎ᠪᠠᠷ ᠬᠢᠨᠠᠨ ᠲᠣᠭᠲᠠᠭ᠋ᠠᠨ᠎ᠠ᠃
      ᠲᠠᠪᠤ᠎ᠳᠤ ᠨᠢᠭᠡᠳᠦᠯᠲᠡᠢ ᠲᠥᠯᠥᠪᠯᠡᠨ ᠠᠬᠢᠭᠤᠯᠬᠤ ᠵᠢ ᠪᠠᠷᠢᠮᠲᠠᠯᠠᠵᠤ᠂ ᠨᠡᠶ᠋ᠢᠯᠡᠮᠡᠯ ᠬᠦᠴᠦᠨ᠎ᠢ ᠪᠦᠷᠢᠯᠳᠦᠭᠦᠯᠦᠨ᠎ᠡ᠃ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠨᠠᠶ᠋ᠢᠳᠠᠪᠤᠷᠢᠵᠢᠭᠤᠯᠬᠤ ᠵᠢ ᠬᠥᠳᠡᠭᠡ ᠲᠣᠰᠬᠣᠨ᠎ᠢ ᠬᠥᠭᠵᠢᠭᠦᠯᠦᠨ ᠮᠠᠨᠳᠤᠭᠤᠯᠬᠤ᠎ᠯᠤᠭ᠎ᠠ ᠬᠠᠷᠢᠯᠴᠠᠨ ᠤᠶᠠᠯᠳᠤᠭᠤᠯᠵᠤ᠂ ᠶᠠᠳᠠᠭᠤ᠎ᠠᠴᠠ ᠠᠩᠭᠢᠵᠢᠷᠠᠭᠤᠯᠬᠤ ᠰᠢᠪᠲᠤᠯᠤᠯᠲᠠ ᠵᠢᠨ ᠦᠷ᠎ᠡ ᠪᠦᠲᠦᠭᠡᠯ᠎ᠢ ᠦᠷᠭᠦᠯᠵᠢᠯᠡᠨ ᠪᠡᠬᠢᠵᠢᠭᠦᠯᠬᠦ᠎ᠯᠦᠭᠡ ᠬᠠᠷᠢᠯᠴᠠᠨ ᠤᠶᠠᠯᠳᠤᠭᠤᠯᠵᠤ᠂ ᠨᠤᠲᠤᠭ ᠪᠡᠯᠴᠢᠭᠡᠷ᠎ᠤᠨ ᠮᠠᠯ ᠠᠵᠤ ᠠᠬᠤᠢ ᠵᠢᠨ ᠦᠢ᠍ᠯᠡᠳᠪᠦᠷᠢᠯᠡᠯ ᠡᠵᠡᠩᠨᠡᠯᠲᠡ ᠵᠢᠨ ᠠᠷᠭ᠎ᠠ ᠮᠠᠶᠢᠭ᠎ᠢ ᠬᠤᠪᠢᠷᠠᠭᠤᠯᠬᠤ᠎ᠯᠤᠭ᠎ᠠ ᠬᠠᠷᠢᠯᠴᠠᠨ ᠤᠶᠠᠯᠳᠤᠭᠤᠯᠵᠤ᠂ ᠮᠠᠭᠤᠳᠠᠭᠰᠠᠨ ᠨᠤᠲᠤᠭ ᠪᠡᠯᠴᠢᠭᠡᠷ᠎ᠤᠨ ᠠᠮᠢ ᠠᠬᠤᠢ ᠵᠢ ᠵᠠᠰᠠᠨ ᠰᠡᠷᠭᠦᠭᠡᠬᠦ᠎ᠯᠦᠭᠡ ᠬᠠᠷᠢᠯᠴᠠᠨ ᠤᠶᠠᠯᠳᠤᠭᠤᠯᠵᠤ᠂ ᠨᠤᠲᠤᠭ ᠪᠡᠯᠴᠢᠭᠡᠷ᠎ᠤᠨ ᠮᠠᠯ ᠠᠵᠤ ᠠᠬᠤᠢ ᠵᠢᠨ ᠰᠠᠭᠤᠷᠢ ᠪᠡᠯᠡᠳᠬᠡᠮᠵᠢ ᠵᠢᠨ ᠪᠦᠲᠦᠭᠡᠨ ᠪᠠᠶ᠋ᠢᠭᠤᠯᠤᠯᠲᠠ ᠵᠢᠨ ᠣᠷᠣᠭᠤᠯᠤᠯᠲᠠ ᠵᠢ ᠨᠡᠮᠡᠭᠳᠡᠭᠦᠯᠵᠦ᠂ ᠲᠠᠷᠢᠶᠠᠯᠠᠩ ᠮᠠᠯ ᠠᠵᠤ ᠠᠬᠤᠢ ᠮᠠᠯᠵᠢᠬᠤ ᠲᠠᠷᠢᠶᠠᠯᠠᠬᠤ ᠣᠷᠣᠨ᠎ᠤ ᠣᠳᠣᠬᠢᠴᠢᠯᠠᠯᠲᠠ ᠵᠢ ᠲᠦᠯᠬᠢᠨ ᠠᠬᠢᠭᠤᠯᠤᠨ᠎ᠠ᠃
      ᠵᠢᠷᠭᠤᠭ᠎ᠠ᠎ᠳᠤ ᠢᠯᠡ ᠲᠣᠳᠣ ᠪᠠᠶ᠋ᠢᠯᠭ᠋ᠠᠬᠤ ᠵᠢ ᠪᠠᠷᠢᠮᠲᠠᠯᠠᠵᠤ᠂ 《ᠲᠠᠪᠤᠨ ᠡᠷᠦᠬᠡ᠎ᠳᠤ ᠬᠦᠷᠦᠭᠦᠯᠬᠦ》 ᠨᠥᠬᠥᠪᠥᠷᠢ ᠱᠠᠩᠨᠠᠯ᠎ᠢ ᠪᠠᠷᠢᠮᠲᠠᠯᠠᠨ᠎ᠠ᠃ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠪᠦᠬᠦ ᠶᠠᠪᠤᠴᠠ ᠵᠢ ᠢᠯᠡ ᠲᠣᠳᠣ ᠪᠠᠶ᠋ᠢᠯᠭ᠋ᠠᠬᠤ ᠵᠢ ᠪᠠᠷᠢᠮᠲᠠᠯᠠᠨ᠂ ᠡᠭᠦᠷᠭᠡ ᠵᠢ ᠨᠠᠶ᠋ᠢᠳᠠᠪᠤᠷᠢᠵᠢᠭᠤᠯᠬᠤ᠂ ᠪᠡᠯᠡ ᠮᠥᠩᠭᠥ ᠲᠠᠷᠬᠠᠭ᠋ᠠᠬᠤ᠂ ᠳᠡᠩᠰᠡᠯᠡᠨ ᠺᠠᠷᠲᠯᠠᠬᠤ᠂ ᠦᠢ᠍ᠯᠡᠴᠢᠯᠡᠭᠡᠨ᠎ᠤ ᠵᠢᠯᠣᠭᠣᠳᠣᠯᠭ᠎ᠠ᠂ ᠬᠢᠨᠠᠯᠲᠠ ᠬᠠᠮᠢᠶᠠᠷᠤᠯᠲᠠ ᠵᠢᠨ 《ᠲᠠᠪᠤᠨ ᠡᠷᠦᠬᠡ᠎ᠳᠤ ᠬᠦᠷᠦᠭᠦᠯᠬᠦ》 ᠵᠢ ᠪᠡᠶᠡᠯᠡᠭᠦᠯᠵᠦ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠭᠠᠴᠠᠭ᠎ᠠ ᠲᠣᠰᠬᠣᠨ᠎ᠤ ᠱᠠᠲᠤᠨ᠎ᠳᠤ ᠢᠯᠡ ᠨᠡᠶ᠋ᠢᠲᠡᠯᠡᠬᠦ ᠳᠦᠷᠢᠮ᠎ᠢ ᠲᠡᠷᠡ ᠬᠡᠪ ᠵᠶ᠋ᠠᠷ᠎ᠨᠢ ᠬᠡᠷᠡᠭᠵᠢᠭᠦᠯᠵᠦ᠂ ᠲᠥᠷᠥ ᠵᠢᠨ ᠪᠣᠳᠣᠯᠭ᠎ᠠ ᠵᠢᠨ ᠨᠠᠶ᠋ᠢᠳᠠᠪᠤᠷᠢᠵᠢᠭᠤᠯᠤᠯᠲᠠ ᠵᠢ ᠢᠯᠡ᠎ᠪᠠᠷ ᠬᠡᠷᠡᠭᠵᠢᠭᠦᠯᠬᠦ ᠵᠢ ᠪᠠᠲᠤᠯᠠᠬᠤ ᠬᠡᠷᠡᠭᠲᠡᠢ᠃
      ᠭᠤᠷᠪᠠ᠂ ᠬᠡᠷᠡᠭᠵᠢᠭᠦᠯᠬᠦ ᠬᠡᠪᠴᠢᠶ᠎ᠡ ᠬᠢᠭᠡᠳ ᠣᠷᠣᠨ ᠬᠤᠪᠢᠶᠠᠬᠤ
      (ᠨᠢᠭᠡ) ᠬᠡᠷᠡᠭᠵᠢᠭᠦᠯᠬᠦ ᠬᠡᠪᠴᠢᠶ᠎ᠡ
      ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠣᠶᠠᠳᠤᠭ᠋ᠠᠷ ᠡᠭᠡᠯᠵᠢ ᠵᠢᠨ ᠨᠠᠶ᠋ᠢᠳᠠᠪᠤᠷᠢᠵᠢᠭᠤᠯᠤᠭᠰᠠᠨ ᠲᠠᠯᠠᠪᠠᠢ᠎ᠪᠠᠷ ᠰᠠᠭᠤᠷᠢ ᠪᠣᠯᠭ᠋ᠠᠨ ᠬᠠᠮᠠᠭ᠋ᠠᠯᠠᠬᠤ ᠡᠭᠦᠷᠭᠡ ᠵᠢᠨ ᠬᠡᠮᠵᠢᠶ᠎ᠡ ᠵᠢ ᠲᠣᠭᠲᠠᠭ᠋ᠠᠨ᠎ᠠ᠃ ᠨᠤᠲᠤᠭ ᠪᠡᠯᠴᠢᠭᠡᠷ ᠳᠠᠭ᠋ᠠᠭ᠋ᠠᠴᠢᠯᠠᠨ ᠡᠵᠡᠩᠨᠡᠬᠦ ᠡᠷᠬᠡ ᠵᠢᠨ ᠦᠨᠡᠮᠯᠡᠯ᠎ᠲᠠᠢ ᠪᠤᠶᠤ ᠨᠤᠲᠤᠭ ᠪᠡᠯᠴᠢᠭᠡᠷ ᠳᠠᠭ᠋ᠠᠭ᠋ᠠᠴᠢᠯᠠᠨ ᠡᠵᠡᠩᠨᠡᠬᠦ ᠭᠡᠷ᠎ᠡ ᠲᠣᠭᠲᠠᠭᠰᠠᠨ ᠮᠠᠯᠴᠢᠨ ᠲᠠᠷᠢᠶᠠᠴᠢᠨ᠂ ᠤᠯᠤᠰ᠎ᠤᠨ ᠥᠮᠴᠢᠯᠡᠯᠲᠦ ᠲᠠᠷᠢᠶᠠᠯᠠᠩ ᠮᠠᠯ ᠠᠵᠤ ᠠᠬᠤᠢ ᠣᠢ ᠰᠢᠭᠤᠢ ᠵᠢᠨ ᠲᠠᠯᠠᠪᠠᠢ ᠵᠢᠨ ᠠᠵᠢᠯᠴᠢᠨ ᠪᠦᠬᠦᠨ ᠴᠥᠮ ᠨᠤᠲᠤᠭ ᠪᠡᠯᠴᠢᠭᠡᠷ᠎ᠤᠨ ᠠᠮᠢ ᠠᠬᠤᠢ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠦᠷᠲᠡᠵᠦ ᠪᠣᠯᠤᠨ᠎ᠠ᠃ ᠱᠠᠵᠢᠨᠲᠣᠬᠤᠶ ᠰᠤᠮᠤ ᠵᠢᠨ ᠪᠠᠶᠠᠨᠪᠥᠭᠡᠷᠡᠭ ᠭᠠᠴᠠᠭ᠎ᠠ᠂ ᠨᠠᠷᠠᠨᠪᠤᠯᠠᠭ ᠭᠠᠴᠠᠭ᠎ᠠ᠂ ᠪᠠᠶᠠᠨᠪᠤᠯᠠᠭ ᠭᠠᠴᠠᠭ᠎ᠠ᠂ ᠪᠠᠶᠠᠨ᠌ᠦ᠌ᠨᠳᠦᠷ ᠭᠠᠴᠠᠭ᠎ᠠ᠂ ᠪᠠᠶᠠᠨ᠋ᠠ᠋ᠭᠤᠯᠠ ᠭᠠᠴᠠᠭ᠎ᠠ᠂ ᠪᠣᠷᠣᠬᠣᠲᠠ ᠭᠠᠴᠠᠭ᠎ᠠ᠂ ᠥᠨᠳᠥᠷᠮᠣᠳᠣ ᠭᠠᠴᠠᠭ᠎ᠠ᠂ ᠪᠠᠶᠠᠨᠮᠣᠳᠣ ᠭᠠᠴᠠᠭ᠎ᠠ᠂ ᠵᠤᠤᠲᠠᠨ ᠭᠠᠴᠠᠭ᠎ᠠ; ᠪᠠᠶᠠᠨᠭᠤᠣᠯ ᠪᠠᠯᠭ᠋ᠠᠰᠤᠨ᠎ᠤ ᠰᠠᠯᠠᠭ᠋ᠠᠮᠣᠳᠣ ᠭᠠᠴᠠᠭ᠎ᠠ᠎ᠳᠤ ᠬᠣᠯᠪᠣᠭᠳᠠᠨ᠎ᠠ᠃
      (ᠬᠣᠶᠠᠷ) ᠣᠷᠣᠨ ᠬᠤᠪᠢᠶᠠᠬᠤ
      ᠲᠠᠯ᠎ᠠ ᠨᠤᠲᠤᠭ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠣᠷᠣᠨ᠎ᠢ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ ᠪᠣᠯᠤᠨ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠭᠡᠵᠦ ᠬᠤᠪᠢᠶᠠᠨ᠎ᠠ᠃
      1. ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ᠄ ᠱᠠᠵᠢᠨᠲᠣᠬᠤᠶ ᠰᠤᠮᠤ᠂ ᠪᠠᠶᠠᠨᠭᠤᠤᠯ ᠪᠠᠯᠭ᠋ᠠᠰᠤ ᠵᠡᠷᠭᠡ 2 ᠰᠤᠮᠤ ᠪᠠᠯᠭ᠋ᠠᠰᠤ᠂ 10 ᠭᠠᠴᠠᠭ᠎ᠠ᠎ᠳᠤ ᠬᠣᠯᠪᠣᠭᠳᠠᠨ᠎ᠠ᠃ ᠡᠭᠦᠨ᠎ᠳᠤ ᠱᠠᠵᠢᠨᠲᠣᠬᠤᠶ ᠰᠤᠮᠤ ᠵᠢᠨ ᠪᠠᠶᠠᠨ᠋ᠠ᠋ᠭᠤᠯᠠ ᠭᠠᠴᠠᠭ᠎ᠠ᠂ ᠨᠠᠷᠠᠨᠪᠤᠯᠠᠭ ᠭᠠᠴᠠᠭ᠎ᠠ᠂ ᠪᠠᠶᠠᠨᠪᠤᠯᠠᠭ ᠭᠠᠴᠠᠭ᠎ᠠ᠂ ᠥᠨᠳᠥᠷᠮᠣᠳᠣ ᠭᠠᠴᠠᠭ᠎ᠠ᠂ ᠪᠠᠶᠠᠨᠪᠥᠭᠡᠷᠡᠭ ᠭᠠᠴᠠᠭ᠎ᠠ᠂ ᠪᠠᠶᠠᠨ᠌ᠦ᠌ᠨᠳᠦᠷ ᠭᠠᠴᠠᠭ᠎ᠠ᠂ ᠪᠠᠶᠠᠨᠮᠣᠳᠣ ᠭᠠᠴᠠᠭ᠎ᠠ᠂ ᠪᠣᠷᠣᠬᠣᠲᠠ ᠭᠠᠴᠠᠭ᠎ᠠ᠂ ᠵᠤᠤᠲᠠᠨ ᠵᠡᠷᠭᠡ 9 ᠭᠠᠴᠠᠭ᠎ᠠ; ᠪᠠᠶᠠᠨᠭᠤᠣᠯ ᠪᠠᠯᠭ᠋ᠠᠰᠤᠨ᠎ᠤ ᠰᠠᠯᠠᠭ᠋ᠠᠮᠣᠳᠣ ᠨᠢᠭᠡ ᠭᠠᠴᠠᠭ᠎ᠠ᠃
      2᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ᠄ ᠱᠠᠵᠢᠨᠲᠣᠬᠤᠶ 1 ᠰᠤᠮᠤ᠎ᠳᠤ ᠬᠣᠯᠪᠣᠭᠳᠠᠨ᠎ᠠ᠂ ᠡᠭᠦᠨ ᢭᠎ᠲᠤ ᠪᠠᠶᠠᠨ᠋ᠠ᠋ᠭᠤᠯᠠ ᠭᠠᠴᠠᠭ᠎ᠠ᠂ ᠨᠠᠷᠠᠨᠪᠤᠯᠠᠭ ᠭᠠᠴᠠᠭ᠎ᠠ᠂ ᠪᠠᠶᠠᠨᠪᠤᠯᠠᠭ ᠭᠠᠴᠠᠭ᠎ᠠ᠂ ᠪᠠᠶᠠᠨᠪᠥᠭᠡᠷᠡᠭ ᠭᠠᠴᠠᠭ᠎ᠠ ᠵᠡᠷᠭᠡ 4 ᠭᠠᠴᠠᠭ᠎ᠠ ᠵᠢ ᠪᠠᠭᠲᠠᠭ᠋ᠠᠨ᠎ᠠ᠃
      ᠳᠥᠷᠪᠡ᠂ ᠲᠠᠯ᠎ᠠ ᠨᠤᠲᠤᠭ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠠᠭᠤᠯᠭ᠎ᠠ ᠵᠢᠴᠢ ᠪᠠᠷᠢᠮᠵᠢᠶ᠎ᠠ
      (ᠨᠢᠭᠡ) ᠨᠥᠬᠥᠪᠥᠷᠢ ᠱᠠᠩᠨᠠᠯ᠎ᠤᠨ ᠠᠭᠤᠯᠭ᠎ᠠ
      1. ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠱᠠᠩᠨᠠᠯ᠃ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠵᠶ᠋ᠠᠷ ᠬᠤᠪᠢᠶᠠᠷᠢᠯᠠᠨ ᠲᠣᠭᠲᠠᠭ᠋ᠠᠭᠰᠠᠨ ᠨᠤᠲᠤᠭ ᠪᠡᠯᠴᠢᠭᠡᠷ᠎ᠤᠨ ᠳᠠᠭ᠋ᠠᠭ᠋ᠠᠴᠠ ᠵᠢᠨ ᠴᠢᠳᠠᠪᠤᠷᠢ ᠵᠢ᠎ᠨᠢ ᠦᠨᠳᠦᠰᠦᠯᠡᠨ ᠵᠦᠢ ᠵᠣᠬᠢᠰᠲᠠᠢ ᠪᠡᠯᠴᠢᠭᠡᠷ᠎ᠤᠨ ᠪᠠᠭᠲᠠᠭ᠋ᠠᠮᠵᠢ ᠵᠢ ᠬᠢᠨᠠᠨ ᠲᠣᠭᠲᠠᠭ᠋ᠠᠵᠤ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠬᠠᠮᠢᠶᠠᠷᠤᠯᠲᠠ ᠵᠢ ᠬᠡᠷᠡᠭᠵᠢᠭᠦᠯᠵᠦ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠬᠠᠷᠢᠭᠤᠴᠠᠯᠭ᠎ᠠ ᠵᠢ ᠭᠦᠢ᠍ᠴᠡᠳᠬᠡᠭᠰᠡᠨ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠱᠠᠭ᠋ᠠᠷᠳᠠᠯᠭ᠎ᠠ ᠵᠢ ᠪᠡᠶᠡᠯᠡᠭᠦᠯᠦᠭᠰᠡᠨ ᠮᠠᠯᠴᠢᠨ ᠲᠠᠷᠢᠶᠠᠴᠢᠳ᠎ᠲᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠱᠠᠩᠨᠠᠯ ᠣᠯᠭᠣᠨ᠎ᠠ᠃
      2. ᠪᠡᠯᠴᠢᠭᠡᠷᠯᠡᠭᠦᠯᠬᠦ ᠵᠢ ᠴᠠᠭ᠋ᠠᠵᠠᠯᠠᠬᠤ ᠨᠥᠬᠥᠪᠥᠷᠢ᠃ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ ᠵᠶ᠋ᠠᠷ ᠬᠤᠪᠢᠶᠠᠷᠢᠯᠠᠨ ᠲᠣᠭᠲᠠᠭ᠋ᠠᠭᠰᠠᠨ ᠨᠤᠲᠤᠭ ᠪᠡᠯᠴᠢᠭᠡᠷ᠎ᠲᠤ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠬᠠᠷᠢᠭᠤᠴᠠᠯᠭ᠎ᠠ ᠵᠢ ᠭᠦᠢ᠍ᠴᠡᠳᠬᠡᠭᠰᠡᠨ᠂ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠱᠠᠭ᠋ᠠᠷᠳᠠᠯᠭ᠎ᠠ ᠵᠢ ᠪᠡᠶᠡᠯᠡᠭᠦᠯᠦᠭᠰᠡᠨ ᠮᠠᠯᠴᠢᠨ ᠲᠠᠷᠢᠶᠠᠴᠢᠳ᠎ᠲᠤ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠨᠥᠬᠥᠪᠥᠷᠢ ᠣᠯᠭᠣᠨ᠎ᠠ᠃
      (ᠬᠣᠶᠠᠷ) ᠨᠥᠬᠥᠪᠥᠷᠢ ᠱᠠᠩᠨᠠᠯ᠎ᠤᠨ ᠪᠠᠷᠢᠮᠵᠢᠶ᠎ᠠ
      ᠤᠯᠤᠰ᠎ᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠨᠥᠬᠥᠪᠥᠷᠢ ᠵᠢ 7.5 ᠲᠥᠭᠥᠷᠢᠭ / ᠮᠥ᠍᠎ᠳᠤ ᠣᠯᠭᠣᠵᠤ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠵᠢ 2.5 ᠲᠥᠭᠥᠷᠢᠭ / ᠮᠥ᠍᠎ᠳᠤ ᠱᠠᠩᠨᠠᠨ᠎ᠠ᠃ ᠪᠦᠬᠦ ᠣᠷᠣᠨ᠎ᠠᠴᠠ ᠪᠠᠷᠢᠮᠵᠢᠶ᠎ᠠ ᠮᠦ᠍ ᠵᠢᠨ ᠢᠯᠡᠳᠬᠡᠮᠵᠢ ᠵᠢ ᠲᠣᠭᠲᠠᠭ᠋ᠠᠵᠤ᠂ ᠪᠠᠶᠠᠨᠨᠠᠭᠤᠷ ᠬᠣᠲᠠ ᠵᠢᠨ ᠪᠠᠷᠢᠮᠵᠢᠶ᠎ᠠ ᠮᠦ᠍ ᠵᠢᠨ ᠢᠯᠡᠳᠬᠡᠮᠵᠢ᠎ᠨᠢ 0.8682 ᠪᠠᠶ᠋ᠢᠵᠤ᠂ ᠲᠤᠰ ᠪᠠᠷᠢᠮᠵᠢᠶ᠎ᠠ᠎ᠪᠠᠷ ᠪᠣᠳᠣᠪᠠᠯ᠂ ᠮᠠᠨ᠎ᠤ ᠰᠢᠶᠠᠨ᠎ᠤ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠨᠥᠬᠥᠪᠥᠷᠢ᠎ᠨᠢ ᠮᠦ᠍ ᠪᠦᠷᠢ᠎ᠳᠤ 6.5115 ᠲᠥᠭᠥᠷᠢᠭ ᠪᠠᠶ᠋ᠢᠵᠤ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠱᠠᠩᠨᠠᠯ᠎ᠨᠢ ᠮᠦ᠍ ᠪᠦᠷᠢ᠎ᠳᠤ 2.1705 ᠲᠥᠭᠥᠷᠢᠭ ᠪᠣᠯᠤᠨ᠎ᠠ᠃
      ᠲᠠᠪᠤ᠂ ᠡᠭᠦᠷᠭᠡ ᠵᠢ ᠨᠠᠶ᠋ᠢᠳᠠᠪᠤᠷᠢᠵᠢᠭᠤᠯᠬᠤ ᠪᠠ ᠪᠡᠯᠡ ᠮᠥᠩᠭᠥ ᠵᠢ ᠬᠤᠪᠢᠶᠠᠷᠢᠯᠠᠬᠤ
      (ᠨᠢᠭᠡ) ᠡᠭᠦᠷᠭᠡ ᠵᠢ ᠨᠠᠶ᠋ᠢᠳᠠᠪᠤᠷᠢᠵᠢᠭᠤᠯᠤᠨ᠎ᠠ᠃ ᠭᠤᠷᠪᠠᠳᠤᠭ᠋ᠠᠷ ᠡᠭᠡᠯᠵᠢ ᠵᠢᠨ ᠬᠣᠲᠠ ᠵᠢᠨ ᠱᠠᠲᠤᠨ᠎ᠤ ᠪᠠᠭᠤᠯᠭ᠋ᠠᠭᠰᠠᠨ ᠮᠠᠨ᠎ᠤ ᠰᠢᠶᠠᠨ᠎ᠤ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠶᠡᠷᠦᠩᠬᠡᠢ ᠡᠭᠦᠷᠭᠡ ᠪᠣᠯ ᠪᠡᠯᠴᠢᠭᠡᠷᠯᠡᠭᠦᠯᠬᠦ ᠵᠢ ᠴᠠᠭ᠋ᠠᠵᠠᠯᠠᠭᠰᠠᠨ ᠲᠠᠯᠠᠪᠠᠢ 258.4 ᠲᠦᠮᠡᠨ ᠮᠦ᠍ ᠪᠣᠯᠤᠨ᠎ᠠ᠂ ᠮᠠᠨ᠎ᠤ ᠰᠢᠶᠠᠨ᠎ᠤ ᠪᠣᠳᠠᠲᠠᠢ ᠪᠠᠶ᠋ᠢᠳᠠᠯ᠎ᠢ ᠦᠨᠳᠦᠰᠦᠯᠡᠪᠡᠯ᠂ ᠮᠠᠨ᠎ᠤ ᠰᠢᠶᠠᠨ᠎ᠤ ᠮᠠᠯᠴᠢᠳ᠎ᠲᠤ ᠲᠥᠷᠥ ᠵᠢᠨ ᠪᠣᠳᠣᠯᠭ᠎ᠠ ᠬᠦᠷᠲᠡᠭᠡᠭᠰᠡᠨ᠎ᠤ ᠳᠠᠷᠠᠭ᠎ᠠ ᠠᠮᠢᠳᠤᠷᠠᠯ ᠦᠢ᠍ᠯᠡᠳᠪᠦᠷᠢᠯᠡᠯ᠎ᠨᠢ ᠲᠣᠭᠲᠠᠭᠤᠨ᠂ ᠣᠷᠣᠯᠭ᠎ᠠ᠎ᠨᠢ ᠬᠠᠰᠤᠭᠳᠠᠬᠤ ᠦᠭᠡᠢ ᠪᠠᠶ᠋ᠢᠬᠤ ᠵᠢ ᠪᠠᠲᠤᠯᠠᠭᠰᠠᠨ ᠪᠠᠶ᠋ᠢᠳᠠᠯ ᠳᠣᠣᠷ᠎ᠠ᠂ ᠮᠠᠨ᠎ᠤ ᠰᠢᠶᠠᠨ᠎ᠤ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠠᠯᠠᠪᠠᠢ ᠵᠢ 258.4 ᠲᠦᠮᠡᠨ ᠮᠦ᠍ ᠪᠣᠳᠠᠲᠠᠢ ᠨᠠᠶ᠋ᠢᠳᠠᠪᠤᠷᠢᠵᠢᠭᠤᠯᠵᠠᠢ᠂ ᠡᠭᠦᠨ᠎ᠳᠤ ᠪᠡᠯᠴᠢᠭᠡᠷᠯᠡᠭᠦᠯᠬᠦ ᠵᠢ ᠴᠠᠭ᠋ᠠᠵᠠᠯᠠᠭᠰᠠᠨ 223.4 ᠲᠦᠮᠡᠨ ᠮᠦ᠍ (8.02 ᠲᠦᠮᠡᠨ ᠮᠦ᠍ ᠬᠠᠮᠲᠤ ᠵᠢᠨ ᠪᠡᠯᠴᠢᠭᠡᠷ ᠪᠠᠭᠲᠠᠨ᠎ᠠ᠂ ᠲᠤᠰ ᠬᠡᠰᠡᠭ ᠪᠡᠯᠴᠢᠭᠡᠷ᠎ᠢ ᠡᠷᠦᠬᠡ᠎ᠳᠤ ᠳᠠᠭ᠋ᠠᠭ᠋ᠠᠴᠢᠯᠠᠭᠤᠯᠤᠭᠰᠠᠨ ᠦᠭᠡᠢ᠎ᠠᠴᠠ ᠪᠣᠯᠵᠤ᠂ ᠵᠥᠪᠬᠡᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠡᠭᠦᠷᠭᠡ ᠵᠢ ᠨᠠᠶ᠋ᠢᠳᠠᠪᠤᠷᠢᠵᠢᠭᠤᠯᠬᠤ᠎ᠠᠴᠠ ᠪᠢᠰᠢ ᠨᠥᠬᠥᠪᠥᠷᠢ ᠮᠥᠩᠭᠥ ᠠᠪᠬᠤ ᠦᠭᠡᠢ)᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠲᠠᠯᠠᠪᠠᠢ 35 ᠲᠦᠮᠡᠨ ᠮᠦ᠍ ᠪᠠᠶ᠋ᠢᠨ᠎ᠠ᠃
      (ᠬᠣᠶᠠᠷ) ᠪᠡᠯᠡ ᠮᠥᠩᠭᠥ ᠵᠢᠨ ᠬᠤᠪᠢᠶᠠᠷᠢᠯᠠᠯᠲᠠ᠃ ᠮᠠᠨ᠎ᠤ ᠰᠢᠶᠠᠨ᠎ᠤ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠨᠥᠬᠥᠪᠥᠷᠢ ᠱᠠᠩᠨᠠᠯ᠎ᠤᠨ ᠪᠡᠯᠡ ᠮᠥᠩᠭᠥ᠎ᠳᠤ ᠵᠢᠯ ᠪᠦᠷᠢ 1478.4143 ᠲᠦᠮᠡᠨ ᠲᠥᠭᠥᠷᠢᠭ᠎ᠤᠨ ᠨᠥᠬᠥᠪᠥᠷᠢ ᠱᠠᠩᠨᠠᠯ᠎ᠤᠨ ᠪᠡᠯᠡ ᠮᠥᠩᠭᠥ ᠣᠯᠭᠣᠵᠤ᠂ ᠡᠭᠦᠨ᠎ᠳᠤ ᠮᠠᠯᠵᠢᠬᠤ ᠵᠢ ᠴᠠᠭ᠋ᠠᠵᠠᠯᠠᠭᠰᠠᠨ᠎ᠨᠢ 1402.4469 ᠲᠦᠮᠡᠨ ᠲᠥᠭᠥᠷᠢᠭ ᠪᠠᠶ᠋ᠢᠵᠤ᠂ ᠮᠠᠯ ᠪᠡᠯᠴᠢᠭᠡᠷ᠎ᠢ ᠲᠡᠩᠴᠡᠭᠦᠷᠢᠲᠡᠢ ᠪᠣᠯᠭ᠋ᠠᠭᠰᠠᠨ᠎ᠨᠢ 75.9675 ᠲᠦᠮᠡᠨ ᠲᠥᠭᠥᠷᠢᠭ ᠪᠣᠯᠤᠨ᠎ᠠ᠃
      ᠵᠢᠷᠭᠤᠭ᠎ᠠ᠂ ᠠᠵᠢᠯ᠎ᠤᠨ ᠱᠠᠭ᠋ᠠᠷᠳᠠᠯᠭ᠎ᠠ
      (ᠨᠢᠭᠡ) ᠤᠯᠠᠮ ᠨᠢᠭᠡ ᠠᠯᠬᠤᠮ ᠵᠠᠰᠠᠭ᠎ᠢ ᠴᠣᠮᠬᠠᠳᠬᠠᠨ ᠡᠷᠬᠡ ᠵᠢ ᠳᠣᠷᠣᠭᠰᠢ ᠪᠠᠭᠤᠯᠭ᠋ᠠᠵᠤ᠂ ᠬᠡᠷᠡᠭᠵᠢᠭᠦᠯᠬᠦ ᠭᠣᠣᠯ ᠴᠣᠭᠴᠠ ᠵᠢ ᠲᠣᠳᠣᠷᠬᠠᠶ᠋ᠢᠯᠠᠨ᠎ᠠ᠃ ᠰᠢᠨ᠎ᠡ ᠨᠢᠭᠡᠨ ᠡᠭᠡᠯᠵᠢ ᠵᠢᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ 《ᠪᠠᠶᠠᠨᠨᠠᠭᠤᠷ ᠬᠣᠲᠠ ᠵᠢᠨ ᠭᠤᠷᠪᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠬᠡᠷᠡᠭᠵᠢᠭᠦᠯᠬᠦ ᠲᠥᠰᠦᠯ (2021 — 2025 ᠣᠨ)᠎ᠤᠨ ᠮᠡᠳᠡᠭᠳᠡᠯ》᠎ᠤᠨ ᠪᠢᠴᠢᠭ ᠮᠠᠲ᠋ᠧᠷᠢᠶᠠᠯ᠎ᠤᠨ ᠱᠠᠭ᠋ᠠᠷᠳᠠᠯᠭ᠎ᠠ ᠶᠣᠰᠣᠭ᠋ᠠᠷ᠂ ᠪᠡᠯᠡ ᠮᠥᠩᠭᠥ᠂ ᠬᠠᠷᠠᠯᠲᠠ᠂ ᠡᠭᠦᠷᠭᠡ᠂ ᠬᠠᠷᠢᠭᠤᠴᠠᠯᠭ᠎ᠠ᠂ ᠠᠷᠭ᠎ᠠ ᠵᠢᠨ 《ᠲᠠᠪᠤᠨ ᠬᠣᠰᠢᠭᠤ ᠰᠢᠶᠠᠨ᠎ᠳᠤ ᠬᠦᠷᠭᠡᠬᠦ》 ᠵᠠᠷᠴᠢᠮ᠎ᠢ ᠪᠠᠷᠢᠮᠲᠠᠯᠠᠨ᠂ ᠰᠢᠶᠠᠨ᠎ᠤ ᠵᠠᠰᠠᠭ᠎ᠤᠨ ᠣᠷᠳᠣᠨ ᠵᠶ᠋ᠠᠷ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠭᠣᠣᠯ ᠴᠣᠭᠴᠠ ᠪᠠ ᠬᠠᠷᠢᠭᠤᠴᠠᠯᠭ᠎ᠠ ᠵᠢᠨ ᠭᠣᠣᠯ ᠴᠣᠭᠴᠠ ᠪᠣᠯᠬᠤ ᠵᠢᠨ ᠬᠠᠮᠲᠤ᠂ ᠪᠣᠳᠠᠲᠠᠢ ᠬᠡᠷᠡᠭᠵᠢᠭᠦᠯᠵᠦ ᠪᠣᠯᠬᠤᠶ᠋ᠢᠴᠠ ᠨᠤᠲᠤᠭ ᠪᠡᠯᠴᠢᠭᠡᠷ᠎ᠤᠨ ᠠᠮᠢ ᠠᠬᠤᠢ ᠵᠢᠨ ᠨᠥᠬᠥᠪᠥᠷᠢ ᠱᠠᠩᠨᠠᠯ᠎ᠤᠨ ᠬᠡᠷᠡᠭᠵᠢᠭᠦᠯᠬᠦ ᠲᠥᠰᠦᠯ᠎ᠢ ᠲᠣᠭᠲᠠᠭ᠋ᠠᠵᠤ᠂ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠠᠴᠠ ᠳᠠᠷᠤᠮᠠᠯᠯᠠᠨ ᠲᠠᠷᠬᠠᠭ᠋ᠠᠨ᠎ᠠ᠃
      (ᠬᠣᠶᠠᠷ) ᠬᠣᠶᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠦᠯᠡᠳᠡᠪᠦᠷᠢ ᠪᠡᠯᠡ ᠮᠥᠩᠭᠥ ᠵᠢ ᠰᠠᠶ᠋ᠢᠲᠤᠷ ᠠᠰᠢᠭᠯᠠᠬᠤ ᠬᠡᠷᠡᠭᠲᠡᠢ᠃ ᠬᠣᠶᠠᠳᠤᠭ᠋ᠠᠷ ᠡᠭᠡᠯᠵᠢ ᠵᠢᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠦᠯᠡᠳᠡᠪᠦᠷᠢ ᠪᠡᠯᠡ ᠮᠥᠩᠭᠥ ᠵᠢ ᠲᠤᠰᠬᠠᠢ ᠮᠥᠩᠭᠥ ᠵᠢ ᠲᠤᠰᠬᠠᠢ ᠵᠦᠢ᠍ᠯ᠎ᠳᠤ ᠬᠡᠷᠡᠭᠯᠡᠵᠦ᠂ ᠪᠣᠳᠠᠲᠠᠢ᠎ᠲᠠᠢ᠎ᠪᠠᠨ ᠤᠶᠠᠯᠳᠤᠭᠤᠯᠤᠨ ᠨᠤᠲᠤᠭ ᠪᠡᠯᠴᠢᠭᠡᠷ᠎ᠤᠨ ᠠᠮᠢ ᠠᠬᠤᠢ ᠵᠢ ᠰᠡᠷᠭᠦᠭᠡᠬᠦ ᠪᠠ ᠬᠠᠮᠠᠭ᠋ᠠᠯᠠᠬᠤ ᠵᠢ ᠳᠡᠮᠵᠢᠬᠦ᠎ᠳᠤ ᠦᠷᠭᠦᠯᠵᠢᠯᠡᠨ ᠬᠡᠷᠡᠭᠯᠡᠬᠦ ᠬᠡᠷᠡᠭᠲᠡᠢ᠃
      (ᠭᠤᠷᠪᠠ) ᠪᠡᠯᠡ ᠮᠥᠩᠭᠥ ᠵᠢᠨ ᠬᠠᠮᠢᠶᠠᠷᠤᠯᠲᠠ ᠵᠢ ᠴᠢᠩᠭ᠋ᠠᠷᠠᠭᠤᠯᠤᠨ᠎ᠠ᠃ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠬᠡᠷᠡᠭᠵᠢᠭᠦᠯᠦᠭᠰᠡᠨ᠎ᠤ ᠳᠠᠷᠠᠭ᠎ᠠ ᠨᠥᠬᠥᠪᠥᠷᠢ ᠱᠠᠩᠨᠠᠯ ᠣᠯᠭᠣᠵᠤ᠂ ᠪᠡᠯᠡ ᠮᠥᠩᠭᠥ ᠵᠢᠨ ᠬᠡᠷᠡᠭᠯᠡᠯᠲᠡ ᠪᠠ ᠬᠠᠮᠢᠶᠠᠷᠤᠯᠲᠠ ᠵᠢ ᠵᠢᠷᠤᠮᠵᠢᠭᠤᠯᠤᠨ᠎ᠠ᠃ 《ᠪᠦᠷᠢᠨ ᠴᠢᠳᠠᠮᠵᠢᠲᠤ ᠺᠠᠷᠲ》᠎ᠪᠠᠷ ᠳᠠᠮᠵᠢᠭᠤᠯᠤᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠪᠡᠯᠡ ᠮᠥᠩᠭᠥ ᠵᠢ ᠲᠤᠬᠠᠢ ᠵᠢᠨ ᠵᠢᠯ᠎ᠳᠤ ᠮᠠᠯᠴᠢᠨ ᠲᠠᠷᠢᠶᠠᠴᠢᠳ᠎ᠲᠤ ᠴᠠᠭ ᠲᠤᠬᠠᠢ᠎ᠳᠤᠨᠢ ᠲᠣᠭ᠎ᠠ ᠶᠣᠰᠣᠭ᠋ᠠᠷ ᠣᠯᠭᠣᠬᠤ ᠵᠢᠨ ᠬᠠᠮᠲᠤ᠂ ᠺᠠᠷᠲ᠎ᠲᠤ ᠲᠥᠷᠥ ᠵᠢᠨ ᠪᠣᠳᠣᠯᠭ᠎ᠠ ᠵᠢᠨ ᠲᠥᠷᠥᠯ ᠵᠦᠢ᠍ᠯ᠎ᠤᠨ ᠨᠡᠷᠡᠶ᠋ᠢᠳᠦᠯ᠎ᠢ ᠲᠣᠳᠣᠷᠬᠠᠶ᠋ᠢᠯᠠᠬᠤ ᠬᠡᠷᠡᠭᠲᠡᠢ᠃ ᠪᠡᠯᠡ ᠮᠥᠩᠭᠥ ᠲᠠᠷᠬᠠᠭ᠋ᠠᠬᠤ᠎ᠳᠤ ᠭᠠᠴᠠᠭ᠎ᠠ ᠲᠣᠰᠬᠣᠨ᠎ᠤ ᠱᠠᠲᠤᠨ᠎ᠤ ᠢᠯᠡ ᠨᠡᠶ᠋ᠢᠲᠡᠯᠡᠬᠦ ᠳᠦᠷᠢᠮ᠎ᠢ ᠴᠢᠩᠭ᠎ᠠ ᠬᠡᠷᠡᠭᠵᠢᠭᠦᠯᠵᠦ᠂ ᠣᠯᠠᠨ ᠲᠦᠮᠡᠨ᠎ᠤ ᠬᠢᠨᠠᠯᠲᠠ ᠲᠠᠯᠪᠢᠬᠤ ᠵᠢ ᠬᠦᠯᠢᠶᠡᠬᠦ ᠬᠡᠷᠡᠭᠲᠡᠢ᠃ ᠡᠳ᠋᠎ᠤᠨ ᠵᠠᠰᠠᠭ᠂ ᠲᠠᠷᠢᠶᠠᠯᠠᠩ ᠮᠠᠯ ᠠᠵᠤ ᠠᠬᠤᠢ᠂ ᠡᠯᠡᠰᠦ ᠵᠢ ᠰᠡᠷᠭᠡᠶ᠋ᠢᠯᠡᠨ ᠵᠠᠰᠠᠬᠤ ᠰᠠᠯᠠᠭ᠎ᠠ ᠮᠥᠴᠢᠷ᠎ᠤᠳ ᠰᠠᠬᠢᠯᠭ᠎ᠠ ᠪᠠᠲᠤ ᠪᠠᠶ᠋ᠢᠴᠠᠭ᠋ᠠᠬᠤ᠂ ᠬᠢᠨᠠᠨ ᠪᠠᠶ᠋ᠢᠴᠠᠭ᠋ᠠᠬᠤ᠂ ᠬᠢᠨᠠᠨ ᠪᠣᠳᠣᠬᠤ ᠵᠡᠷᠭᠡ ᠰᠠᠯᠠᠭ᠎ᠠ ᠮᠥᠴᠢᠷ᠎ᠲᠠᠢ ᠬᠠᠮᠲᠤᠷᠠᠨ᠂ ᠲᠥᠷᠥ ᠵᠢᠨ ᠪᠣᠳᠣᠯᠭ᠎ᠠ ᠵᠢᠨ ᠡᠭᠦᠷᠭᠡ ᠪᠣᠯᠤᠨ ᠪᠡᠯᠡ ᠮᠥᠩᠭᠥ ᠵᠢ ᠨᠠᠶ᠋ᠢᠳᠠᠪᠤᠷᠢᠵᠢᠭᠤᠯᠵᠤ ᠪᠠᠶ᠋ᠢᠭ᠎ᠠ ᠪᠠᠶ᠋ᠢᠳᠠᠯ᠎ᠳᠤ ᠬᠢᠨᠠᠯᠲᠠ ᠲᠠᠯᠪᠢᠵᠤ ᠪᠠᠶ᠋ᠢᠴᠠᠭ᠋ᠠᠬᠤ᠎ᠪᠠᠨ ᠴᠢᠩᠭ᠋ᠠᠳᠬᠠᠬᠤ ᠬᠡᠷᠡᠭᠲᠡᠢ᠃ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠰᠠᠭᠤᠯᠭ᠋ᠠᠨ ᠠᠪᠬᠤ᠎ᠳᠤ᠂ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠡᠪᠡᠰᠦ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠳᠦᠷᠢᠮ》᠎ᠤᠨ ᠲᠣᠭᠲᠠᠭ᠋ᠠᠯ᠎ᠢ ᠴᠢᠩᠭ᠎ᠠ ᠵᠢᠷᠤᠮᠯᠠᠨ ᠨᠤᠲᠤᠭ ᠪᠡᠯᠴᠢᠭᠡᠷ᠎ᠤᠨ ᠬᠠᠮᠠᠭ᠋ᠠᠯᠠᠯᠲᠠ ᠵᠢᠨ ᠪᠦᠲᠦᠭᠡᠨ ᠪᠠᠶ᠋ᠢᠭᠤᠯᠤᠯᠲᠠ᠎ᠳᠤ ᠬᠡᠷᠡᠭᠯᠡᠬᠦ ᠬᠡᠷᠡᠭᠲᠡᠢ; ᠣᠨᠴᠠᠭ᠋ᠠᠢ ᠪᠠᠶ᠋ᠢᠳᠠᠯ᠎ᠠᠴᠠ ᠪᠣᠯᠵᠤ ᠪᠤᠢ ᠪᠣᠯᠤᠭᠰᠠᠨ ᠨᠥᠬᠥᠪᠥᠷᠢ ᠱᠠᠩᠨᠠᠯ᠎ᠤᠨ ᠦᠯᠡᠳᠡᠪᠦᠷᠢ ᠪᠡᠯᠡ ᠮᠥᠩᠭᠥ ᠵᠢ ᠪᠣᠳᠠᠲᠤ ᠪᠠᠶ᠋ᠢᠳᠠᠯ᠎ᠲᠠᠢ᠎ᠪᠠᠨ ᠤᠶᠠᠯᠳᠤᠭᠤᠯᠤᠨ ᠨᠤᠲᠤᠭ ᠪᠡᠯᠴᠢᠭᠡᠷ᠎ᠤᠨ ᠠᠮᠢ ᠠᠬᠤᠢ ᠵᠢ ᠰᠡᠷᠭᠦᠭᠡᠬᠦ ᠪᠠ ᠬᠠᠮᠠᠭ᠋ᠠᠯᠠᠬᠤ ᠵᠢ ᠳᠡᠮᠵᠢᠬᠦ᠎ᠳᠤ ᠦᠷᠭᠦᠯᠵᠢᠯᠡᠨ ᠬᠡᠷᠡᠭᠯᠡᠨ᠎ᠡ᠃
      (ᠳᠥᠷᠪᠡ) ᠤᠯᠤᠰ᠎ᠤᠨ ᠠᠯᠪᠠᠨ ᠲᠤᠰᠢᠶᠠᠯᠲᠠᠨ᠎ᠤ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠠᠤᠯᠢ ᠪᠤᠰᠤ᠎ᠪᠠᠷ ᠭᠥᠷᠳᠡᠬᠦ ᠵᠢ ᠴᠢᠩᠭ᠎ᠠ ᠴᠠᠭ᠋ᠠᠵᠠᠯᠠᠨ᠎ᠠ᠃ ᠤᠯᠤᠰ᠎ᠤᠨ ᠠᠯᠪᠠᠨ ᠲᠤᠰᠢᠶᠠᠯᠲᠠᠨ ᠡᠷᠬᠡ ᠲᠤᠰᠢᠶᠠᠯ ᠵᠶ᠋ᠠᠨ ᠠᠰᠢᠭᠯᠠᠨ ᠨᠤᠲᠤᠭ ᠪᠡᠯᠴᠢᠭᠡᠷ᠎ᠢ ᠬᠠᠤᠯᠢ ᠪᠤᠰᠤ᠎ᠪᠠᠷ ᠡᠵᠡᠯᠡᠨ ᠬᠡᠷᠡᠭᠯᠡᠬᠦ ᠮᠥᠨᠴᠦ ᠶᠠᠮᠠᠷᠪᠠ ᠬᠡᠯᠪᠡᠷᠢ᠎ᠪᠠᠷ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠬᠦᠷᠲᠡᠵᠦ᠂ ᠮᠠᠯᠴᠢᠨ ᠲᠠᠷᠢᠶᠠᠴᠢᠨ᠎ᠤ ᠠᠰᠢᠭ ᠲᠤᠰᠠ ᠵᠢ ᠡᠵᠡᠯᠡᠬᠦ ᠵᠢ ᠴᠠᠭ᠋ᠠᠵᠠᠯᠠᠨ᠎ᠠ᠃
      (ᠲᠠᠪᠤ) ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠮᠡᠳᠡᠭᠡ ᠵᠠᠩᠭᠢ ᠵᠢᠨ ᠰᠢᠰᠲ᠋ᠧᠮ᠎ᠤᠨ ᠲᠣᠭ᠎ᠠ ᠪᠠᠷᠢᠮᠲᠠ ᠵᠢᠨ ᠳᠠᠩᠰᠠᠯᠠᠬᠤ ᠪᠠ ᠬᠠᠮᠢᠶᠠᠷᠬᠤ ᠠᠵᠢᠯ᠎ᠢ ᠯᠠᠪᠳᠠᠭᠤᠨ ᠪᠠᠲᠤᠲᠠᠢ ᠰᠠᠶ᠋ᠢᠲᠤᠷ ᠬᠢᠬᠦ ᠬᠡᠷᠡᠭᠲᠡᠢ᠃ ᠨᠤᠲᠤᠭ ᠪᠡᠯᠴᠢᠭᠡᠷ᠎ᠤᠨ ᠲᠣᠭ᠋ᠠᠴᠢᠯᠠᠭᠰᠠᠨ ᠬᠢᠨᠠᠯᠲᠠ ᠬᠠᠮᠢᠶᠠᠷᠤᠯᠲᠠ ᠵᠢᠨ ᠲᠠᠪᠴᠠᠩ᠎ᠢ ᠬᠡᠷᠡᠭᠯᠡᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠨᠥᠬᠥᠪᠥᠷᠢ ᠱᠠᠩᠨᠠᠯ᠎ᠢ ᠬᠠᠷᠭᠤᠭᠤᠯᠤᠨ ᠬᠢᠨᠠᠬᠤ ᠬᠡᠷᠡᠭᠲᠡᠢ᠃ ᠡᠯ᠎ᠡ ᠬᠠᠮᠢᠶ᠎ᠠ ᠪᠦᠬᠦᠢ ᠰᠤᠮᠤ ᠪᠠᠯᠭ᠋ᠠᠰᠤ᠎ᠨᠢ ᠨᠤᠲᠤᠭ ᠪᠡᠯᠴᠢᠭᠡᠷ᠎ᠤᠨ ᠡᠷᠬᠡ ᠵᠢ ᠨᠤᠲᠠᠯᠠᠨ ᠳᠠᠭ᠋ᠠᠭ᠋ᠠᠴᠢᠯᠠᠭᠤᠯᠬᠤ ᠠᠵᠢᠯ᠎ᠢ ᠲᠡᠭᠦᠯᠳᠡᠷᠵᠢᠭᠦᠯᠬᠦ ᠬᠡᠷᠡᠭᠲᠡᠢ᠃ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠨᠢ ᠲᠣᠭ᠎ᠠ ᠪᠠᠷᠢᠮᠲᠠ ᠵᠢ ᠳᠠᠩᠰᠠᠯᠠᠬᠤ ᠪᠠ ᠲᠣᠭ᠎ᠠ ᠪᠠᠷᠢᠮᠲᠠ ᠵᠢ ᠬᠢᠨᠠᠨ ᠬᠠᠷᠭᠤᠭᠤᠯᠬᠤ ᠪᠣᠭᠣᠮᠲᠠ ᠵᠢ ᠴᠢᠩᠭ᠎ᠠ ᠠᠳᠬᠤᠵᠤ᠂ ᠲᠣᠭ᠎ᠠ ᠪᠠᠷᠢᠮᠲᠠ ᠵᠢ ᠴᠠᠭ ᠲᠤᠬᠠᠢ᠎ᠳᠤᠨᠢ ᠳᠠᠩᠰᠠᠯᠠᠬᠤ ᠵᠢ ᠦᠨᠡᠨᠬᠦ ᠪᠠᠲᠤᠯᠠᠵᠤ᠂ ᠪᠣᠳᠠᠲᠠᠢ ᠪᠡᠯᠡ ᠮᠥᠩᠭᠥ᠎ᠯᠦᠭᠡ ᠨᠡᠶ᠋ᠢᠴᠡᠬᠦ ᠵᠢ ᠦᠨᠡᠨᠬᠦ ᠪᠠᠲᠤᠯᠠᠵᠤ᠂ ᠲᠣᠭ᠎ᠠ ᠪᠠᠷᠢᠮᠲᠠ ᠵᠢᠨ ᠣᠨᠣᠪᠴᠢᠲᠠᠢ ᠪᠠᠶ᠋ᠢᠬᠤ ᠵᠢ ᠦᠨᠡᠨᠬᠦ ᠪᠠᠲᠤᠯᠠᠬᠤ ᠬᠡᠷᠡᠭᠲᠡᠢ᠃
      (ᠵᠢᠷᠭᠤᠭ᠎ᠠ) ᠨᠤᠲᠤᠭ ᠪᠡᠯᠴᠢᠭᠡᠷ᠎ᠢ ᠡᠷᠭᠢᠯᠲᠡ᠎ᠳᠤ ᠣᠷᠣᠭᠤᠯᠬᠤ ᠠᠵᠢᠯᠯᠠᠭ᠎ᠠ ᠵᠢ ᠵᠢᠷᠤᠮᠵᠢᠭᠤᠯᠵᠤ᠂ ᠨᠤᠲᠤᠭ ᠪᠡᠯᠴᠢᠭᠡᠷ᠎ᠢ ᠲᠦᠷᠢᠶᠡᠰᠦᠯᠡᠭᠦᠯᠬᠦ᠎ᠳᠤ ᠬᠢᠨᠠᠨ ᠬᠠᠮᠢᠶᠠᠷᠬᠤ᠎ᠳᠤ ᠬᠦᠴᠢᠷᠲᠡᠢ ᠪᠠᠶ᠋ᠢᠬᠤ ᠠᠰᠠᠭᠤᠳᠠᠯ᠎ᠢ ᠦᠨᠡᠨᠬᠦ ᠰᠢᠢ᠍ᠳᠪᠦᠷᠢᠯᠡᠨ᠎ᠡ᠃ ᠨᠤᠲᠤᠭ ᠪᠡᠯᠴᠢᠭᠡᠷ᠎ᠢ ᠡᠷᠭᠢᠯᠲᠡ᠎ᠳᠤ ᠣᠷᠣᠭᠤᠯᠤᠭᠰᠠᠨ᠎ᠤ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠡᠷᠭᠢᠯᠲᠡ᠎ᠳᠤ ᠣᠷᠣᠭᠤᠯᠬᠤ ᠬᠡᠯᠡᠯᠴᠡᠭᠡᠷ᠎ᠤᠨ ᠶᠣᠰᠣᠭ᠋ᠠᠷ ᠲᠣᠭᠲᠠᠭᠰᠠᠨ ᠬᠥᠮᠦᠨ᠎ᠠᠴᠠ ᠠᠪᠤᠨ᠎ᠠ᠃ ᠳᠠᠩᠰᠠᠯᠠᠭᠤᠯᠤᠭ᠋ᠠᠳᠤᠢ ᠨᠢᠭᠡᠨᠲᠡ ᠡᠷᠭᠢᠯᠲᠡ᠎ᠳᠤ ᠣᠷᠣᠭᠤᠯᠤᠭᠰᠠᠨ ᠪᠡᠯᠴᠢᠭᠡᠷ᠎ᠲᠤ ᠲᠤᠬᠠᠢ ᠵᠢᠨ ᠵᠢᠯ᠎ᠤᠨ ᠨᠥᠬᠥᠪᠥᠷᠢ ᠱᠠᠩᠨᠠᠯ᠎ᠤᠨ ᠪᠡᠯᠡ ᠮᠥᠩᠭᠥ ᠣᠯᠭᠣᠬᠤ ᠵᠢ ᠵᠣᠭᠰᠣᠭ᠋ᠠᠨ᠎ᠠ᠂ ᠳᠠᠩᠰᠠᠯᠠᠭᠤᠯᠤᠭᠰᠠᠨ᠎ᠤ ᠳᠠᠷᠠᠭ᠎ᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠬᠠᠷᠢᠭᠤᠴᠠᠯᠭ᠎ᠠ᠎ᠪᠠᠨ ᠭᠦᠢ᠍ᠴᠡᠳᠬᠡᠬᠦ ᠵᠢ ᠪᠠᠶ᠋ᠢᠴᠠᠭ᠋ᠠᠨ ᠲᠣᠳᠣᠯᠠᠬᠤ ᠵᠢᠨ ᠬᠠᠮᠲᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠱᠠᠭ᠋ᠠᠷᠳᠠᠯᠭ᠎ᠠ ᠵᠢ ᠪᠡᠶᠡᠯᠡᠭᠦᠯᠦᠭᠰᠡᠨ ᠪᠠᠶ᠋ᠢᠪᠠᠯ᠂ ᠰᠡᠷᠭᠦᠭᠡᠨ ᠣᠯᠭᠣᠵᠤ ᠪᠣᠯᠤᠨ᠎ᠠ᠃ ᠬᠡᠷᠪᠡ ᠲᠣᠭᠲᠠᠭ᠋ᠠᠯ᠎ᠠᠴᠠ ᠵᠥᠷᠢᠴᠡᠨ ᠮᠠᠯ ᠮᠠᠯᠯᠠᠭᠰᠠᠨ ᠪᠠ ᠳᠠᠭ᠋ᠠᠭ᠋ᠠᠴᠠ᠎ᠠᠴᠠ ᠬᠡᠲᠦᠷᠡᠲᠡᠯ᠎ᠡ ᠠᠴᠢᠶᠠᠯᠠᠭᠰᠠᠨ ᠠᠰᠠᠭᠤᠳᠠᠯ ᠪᠠᠶ᠋ᠢᠬᠤ ᠵᠢ ᠣᠯᠵᠤ ᠮᠡᠳᠡᠪᠡᠯ᠂ ᠲᠤᠬᠠᠢ ᠵᠢᠨ ᠵᠢᠯ᠎ᠤᠨ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ ᠬᠦᠷᠲᠡᠬᠦ ᠲᠥᠷᠥ ᠵᠢᠨ ᠪᠣᠳᠣᠯᠭ᠎ᠠ ᠵᠢᠨ ᠬᠢᠷᠢ ᠭᠡᠮ᠎ᠢ ᠬᠦᠴᠦᠨ ᠦᠭᠡᠢ ᠪᠣᠯᠭ᠋ᠠᠬᠤ ᠪᠣᠯᠭ᠋ᠠᠨ᠎ᠠ᠃
      (ᠳᠣᠯᠤᠭ᠎ᠠ) 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠵᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠳᠦᠷᠢᠮ》᠎ᠢ ᠴᠢᠩᠭ᠎ᠠ ᠨᠠᠶ᠋ᠢᠳᠠᠪᠤᠷᠢᠵᠢᠭᠤᠯᠤᠨ᠎ᠠ᠃ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠨᠢ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠵᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠬᠢᠨᠠᠯᠲᠠ ᠬᠠᠮᠢᠶᠠᠷᠤᠯᠲᠠ ᠵᠢᠨ ᠲᠣᠭᠲᠠᠴᠠ ᠵᠢ ᠪᠠᠶ᠋ᠢᠭᠤᠯᠤᠨ ᠨᠠᠶ᠋ᠢᠳᠠᠪᠤᠷᠢᠵᠢᠭᠤᠯᠵᠤ᠂ ᠪᠥᠬᠥ ᠰᠢᠶᠠᠨ᠎ᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠵᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠠᠵᠢᠯ᠎ᠢ ᠬᠢᠨᠠᠨ ᠬᠠᠮᠢᠶᠠᠷᠬᠤ ᠬᠡᠷᠡᠭᠲᠡᠢ᠃ ᠰᠤᠮᠤ ᠪᠠᠯᠭ᠋ᠠᠰᠤ ᠵᠢᠨ ᠠᠷᠠᠳ᠎ᠤᠨ ᠵᠠᠰᠠᠭ᠎ᠤᠨ ᠣᠷᠳᠣᠨ᠎ᠨᠢ ᠲᠤᠰ ᠬᠠᠷᠢᠶ᠎ᠠ ᠣᠷᠣᠨ᠎ᠤ᠎ᠪᠠᠨ ᠳᠣᠲᠣᠷᠠᠬᠢ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠵᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠠᠵᠢᠯ᠎ᠢ ᠪᠣᠳᠠᠲᠠᠢ ᠬᠠᠷᠢᠭᠤᠴᠠᠨ᠎ᠠ᠃
      (ᠨᠠᠢ᠍ᠮᠠ) ᠨᠤᠲᠤᠭ ᠪᠡᠯᠴᠢᠭᠡᠷ᠎ᠤᠨ ᠲᠤᠰᠬᠠᠢ ᠲᠤᠰᠢᠶᠠᠯᠲᠤ ᠬᠠᠮᠢᠶᠠᠷᠤᠨ ᠬᠠᠮᠠᠭ᠋ᠠᠯᠠᠭᠴᠢ ᠵᠢᠨ ᠳᠦᠷᠢᠮ᠎ᠢ ᠬᠡᠷᠡᠭᠵᠢᠭᠦᠯᠵᠦ᠂ ᠲᠣᠣᠷᠵᠢᠭᠤᠯᠤᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠬᠤ ᠵᠢ ᠪᠡᠶᠡᠯᠡᠭᠦᠯᠦᠨ᠎ᠡ᠃ ᠰᠤᠮᠤ ᠪᠠᠯᠭ᠋ᠠᠰᠤ ᠵᠢᠨ ᠠᠷᠠᠳ᠎ᠤᠨ ᠵᠠᠰᠠᠭ᠎ᠤᠨ ᠣᠷᠳᠣᠨ᠎ᠨᠢ ᠲᠤᠰᠬᠠᠢ ᠲᠤᠰᠢᠶᠠᠯ᠎ᠤᠨ ᠪᠤᠶᠤ ᠲᠤᠰᠢᠶᠠᠯ ᠬᠠᠪᠰᠤᠷᠭ᠋ᠠᠭᠰᠠᠨ ᠨᠤᠲᠤᠭ ᠪᠡᠯᠴᠢᠭᠡᠷ᠎ᠤᠨ ᠬᠠᠮᠢᠶᠠᠷᠤᠨ ᠬᠠᠮᠠᠭ᠋ᠠᠯᠠᠭᠴᠢ ᠵᠢ ᠳᠣᠭᠢᠷᠠᠭᠤᠯᠵᠤ᠂ ᠰᠢᠶᠠᠨ᠂ ᠰᠤᠮᠤ ᠪᠠᠯᠭ᠋ᠠᠰᠤ᠂ ᠭᠠᠴᠠᠭ᠎ᠠ ᠲᠣᠰᠬᠣᠨ ᠭᠤᠷᠪᠠᠨ ᠱᠠᠲᠤᠨ᠎ᠤ ᠨᠤᠲᠤᠭ ᠪᠡᠯᠴᠢᠭᠡᠷ᠎ᠤᠨ ᠬᠠᠮᠢᠶᠠᠷᠤᠨ ᠬᠠᠮᠠᠭ᠋ᠠᠯᠠᠬᠤ ᠲᠣᠣᠷ ᠰᠦᠯᠵᠢᠶ᠎ᠡ ᠵᠢ ᠪᠠᠶ᠋ᠢᠭᠤᠯᠤᠨ ᠪᠦᠷᠢᠨᠰᠢᠭᠦᠯᠵᠦ᠂ ᠨᠤᠲᠤᠭ ᠪᠡᠯᠴᠢᠭᠡᠷ᠎ᠤᠨ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ᠂ ᠪᠡᠯᠴᠢᠭᠡᠷᠯᠡᠭᠦᠯᠬᠦ ᠵᠢ ᠴᠠᠭ᠋ᠠᠵᠠᠯᠠᠵᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠰᠡᠯᠭᠦᠨ ᠮᠠᠯᠵᠢᠬᠤ ᠳᠦᠷᠢᠮ᠎ᠢ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ᠎ᠳᠤ ᠬᠢᠨᠠᠯᠲᠠ ᠲᠠᠯᠪᠢᠵᠤ ᠪᠠᠶ᠋ᠢᠴᠠᠭ᠋ᠠᠬᠤ ᠡᠷᠴᠢᠮ ᠵᠶ᠋ᠠᠨ ᠴᠢᠩᠭ᠋ᠠᠷᠠᠭᠤᠯᠬᠤ ᠬᠡᠷᠡᠭᠲᠡᠢ᠃
      (ᠶᠢᠰᠦ) ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠪᠣᠯᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ᠎ᠢ ᠬᠤᠪᠢᠶᠠᠷᠢᠯᠠᠨ ᠲᠣᠭᠲᠠᠭ᠋ᠠᠬᠤ᠎ᠳᠤ᠎ᠪᠠᠨ ᠰᠢᠨᠵᠢᠯᠡᠬᠦ ᠤᠬᠠᠭ᠋ᠠᠨᠴᠢ ᠴᠢᠩᠭ᠎ᠠ ᠨᠢᠮᠪᠠᠢ ᠪᠠᠶ᠋ᠢᠯᠭ᠋ᠠᠬᠤ ᠬᠡᠷᠡᠭᠲᠡᠢ᠃ ᠵᠠᠷᠴᠢᠮ ᠳᠡᠭᠡᠷ᠎ᠡ᠎ᠪᠠᠨ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ᠎ᠢ ᠬᠤᠪᠢᠶᠠᠷᠢᠯᠠᠨ ᠲᠣᠭᠲᠠᠭ᠋ᠠᠬᠤ᠎ᠳᠤ ᠳᠠᠭ᠋ᠠᠭ᠋ᠠᠴᠢᠯᠠᠬᠤ ᠨᠢᠭᠡᠴᠡ᠎ᠪᠠᠷ ᠶᠠᠪᠤᠭᠳᠠᠭᠤᠯᠬᠤ ᠬᠡᠷᠡᠭᠲᠡᠢ᠂ ᠲᠥᠪᠯᠡᠷᠡᠨ ᠵᠠᠯᠭ᠋ᠠᠯᠳᠤᠭᠰᠠᠨ᠂ ᠠᠳᠠᠯᠢ ᠨᠢᠭᠡ ᠡᠷᠬᠡ ᠵᠢᠨ ᠬᠠᠷᠢᠶ᠎ᠠ ᠪᠦᠬᠦᠢ ᠨᠤᠲᠤᠭ ᠪᠡᠯᠴᠢᠭᠡᠷ ᠳᠡᠭᠡᠷ᠎ᠡ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠪᠠᠶ᠋ᠢᠬᠤ ᠮᠥᠷᠲᠡᠭᠡᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ ᠪᠠᠶ᠋ᠢᠵᠤ ᠪᠣᠯᠬᠤ ᠦᠭᠡᠢ᠂ ᠭᠡᠪᠡᠴᠦ ᠪᠠᠶ᠋ᠢᠭ᠋ᠠᠯᠢ ᠵᠢᠨ ᠬᠠᠮᠠᠭ᠋ᠠᠯᠠᠯᠲᠠ ᠵᠢᠨ ᠭᠠᠵᠠᠷ᠎ᠤᠨ ᠭᠣᠣᠯ ᠣᠷᠣᠨ᠂ ᠴᠢᠬᠤᠯᠠ ᠴᠢᠭᠢᠭᠯᠢᠭ ᠭᠠᠵᠠᠷ ᠪᠠ ᠨᠤᠲᠤᠭ ᠪᠡᠯᠴᠢᠭᠡᠷ᠎ᠤᠨ ᠠᠮᠢ ᠠᠬᠤᠢ ᠵᠢ ᠬᠠᠮᠠᠭ᠋ᠠᠯᠠᠵᠤ ᠰᠡᠷᠭᠦᠭᠡᠬᠦ ᠢᠨᠵᠧᠨᠧᠷᠢᠩ᠎ᠤᠨ ᠣᠷᠣᠨ ᠡᠭᠦᠨ᠎ᠳᠤ ᠪᠠᠭᠲᠠᠬᠤ ᠦᠭᠡᠢ᠃ ᠠᠭᠤᠯᠠᠷᠬᠠᠭ ᠣᠷᠣᠨ᠎ᠤ ᠪᠠᠶ᠋ᠢᠭ᠋ᠠᠯᠢ ᠵᠢᠨ ᠨᠤᠲᠤᠭ ᠪᠡᠯᠴᠢᠭᠡᠷ᠂ ᠤᠯᠠᠭ᠋ᠠᠨᠪᠤᠬ᠎ᠠ ᠵᠢᠨ ᠡᠯᠡᠰᠦᠷᠬᠡᠭ ᠣᠷᠣᠨ᠎ᠤ ᠤᠷᠭᠤᠮᠠᠯ᠎ᠤᠨ ᠬᠤᠴᠢᠯᠭ᠎ᠠ᠎ᠪᠠᠷ ᠪᠠᠷᠤᠭᠲᠠᠢ ᠪᠠᠶ᠋ᠢᠭ᠋ᠠᠯᠢ ᠵᠢᠨ ᠨᠤᠲᠤᠭ ᠪᠡᠯᠴᠢᠭᠡᠷ᠎ᠲᠤ ᠪᠡᠯᠴᠢᠭᠡᠷᠯᠡᠭᠦᠯᠬᠦ ᠵᠢ ᠪᠦᠬᠦ ᠲᠠᠯ᠎ᠠ᠎ᠪᠠᠷ ᠴᠠᠭ᠋ᠠᠵᠠᠯᠠᠵᠤ᠂ ᠤᠯᠠᠭ᠋ᠠᠨᠪᠤᠬ᠎ᠠ ᠵᠢᠨ ᠡᠯᠡᠰᠦᠷᠬᠡᠭ ᠣᠷᠣᠨ᠎ᠤ ᠤᠷᠭᠤᠮᠠᠯ᠎ᠤᠨ ᠬᠤᠴᠢᠯᠭ᠎ᠠ᠎ᠪᠠᠷ ᠨᠡᠯᠢᠶᠡᠳ ᠰᠠᠶ᠋ᠢᠨ ᠪᠠᠶ᠋ᠢᠭ᠋ᠠᠯᠢ ᠵᠢᠨ ᠨᠤᠲᠤᠭ ᠪᠡᠯᠴᠢᠭᠡᠷ᠎ᠲᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠵᠢ ᠬᠡᠷᠡᠭᠵᠢᠭᠦᠯᠵᠦ᠂ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠤᠶᠤ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ᠎ᠪᠠᠷ ᠲᠣᠭᠲᠠᠭ᠋ᠠᠮᠠᠭᠴᠠ ᠲᠠᠪᠤᠨ ᠵᠢᠯ᠎ᠤᠨ ᠳᠣᠲᠣᠷ᠎ᠠ ᠬᠤᠪᠢᠷᠠᠭᠤᠯᠵᠤ ᠪᠣᠯᠬᠤ ᠦᠭᠡᠢ᠃
      (ᠠᠷᠪᠠ) ᠡᠯ᠎ᠡ ᠰᠤᠮᠤ ᠪᠠᠯᠭ᠋ᠠᠰᠤ᠎ᠨᠢ ᠭᠠᠵᠠᠷ ᠣᠷᠣᠨ᠎ᠤ ᠪᠣᠳᠠᠲᠠᠢ᠎ᠪᠠᠨ ᠦᠨᠳᠦᠰᠦᠯᠡᠨ᠂ ᠰᠢᠨ᠎ᠡ ᠵᠢ ᠡᠭᠦᠳᠬᠦ ᠠᠵᠢᠯ᠎ᠤᠨ ᠠᠷᠭ᠎ᠠ ᠬᠡᠮᠵᠢᠶ᠎ᠡ ᠵᠢ ᠲᠣᠭᠲᠠᠭ᠋ᠠᠬᠤ ᠵᠢ ᠵᠣᠷᠢᠭᠵᠢᠭᠤᠯᠤᠨ᠎ᠠ᠃ ᠤᠯᠤᠰ ᠪᠠ ᠥᠪᠡᠷᠲᠡᠭᠡᠨ ᠵᠠᠰᠠᠬᠤ ᠣᠷᠣᠨ᠎ᠤ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠣᠨᠣᠪᠴᠢᠲᠠᠢ᠂ ᠪᠦᠷᠢᠨ ᠭᠦᠢ᠍ᠴᠡᠳ ᠡᠵᠡᠮᠰᠢᠭᠰᠡᠨ ᠰᠠᠭᠤᠷᠢᠨ ᠳᠡᠭᠡᠷ᠎ᠡ᠂ ᠪᠡᠯᠡ ᠮᠥᠩᠭᠥ ᠣᠯᠭᠣᠬᠤ᠂ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠣᠷᠣᠨ ᠪᠦᠰᠡ᠎ᠳᠤ ᠨᠥᠬᠥᠪᠥᠷᠢ ᠱᠠᠩᠨᠠᠯ᠎ᠤᠨ ᠪᠠᠷᠢᠮᠵᠢᠶ᠎ᠠ ᠵᠢ ᠬᠤᠪᠢᠶᠠᠷᠢᠯᠠᠨ ᠲᠣᠭᠲᠠᠭ᠋ᠠᠬᠤ ᠵᠡᠷᠭᠡ ᠲᠠᠯ᠎ᠠ᠎ᠪᠠᠷ᠂ ᠲᠤᠬᠠᠢ ᠵᠢᠨ ᠭᠠᠵᠠᠷ᠎ᠤᠨ ᠪᠣᠳᠠᠲᠠᠢ᠎ᠳᠤ ᠨᠡᠶ᠋ᠢᠴᠡᠬᠦ ᠵᠠᠭᠪᠤᠷ᠎ᠢ ᠰᠦᠪᠡᠭᠴᠢᠯᠡᠬᠦ ᠵᠢ ᠵᠣᠷᠢᠭᠵᠢᠭᠤᠯᠤᠨ᠎ᠠ᠃
      ᠳᠣᠯᠣᠭ᠎ᠠ᠂ ᠵᠣᠬᠢᠶᠠᠨ ᠪᠠᠶ᠋ᠢᠭᠤᠯᠤᠯᠲᠠ ᠵᠢᠨ ᠪᠠᠲᠤᠯᠠᠭ᠎ᠠ
      (ᠨᠢᠭᠡ) ᠵᠣᠬᠢᠶᠠᠨ ᠪᠠᠶ᠋ᠢᠭᠤᠯᠤᠯᠲᠠ ᠵᠢᠨ ᠤᠳᠤᠷᠢᠳᠤᠯᠭ᠎ᠠ᠎ᠪᠠᠨ ᠴᠢᠩᠭ᠋ᠠᠳᠬᠠᠨ᠎ᠠ᠃ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠠᠵᠢᠯ᠎ᠤᠨ ᠤᠳᠤᠷᠢᠳᠤᠯᠭ᠎ᠠ ᠵᠢ ᠴᠢᠩᠭ᠋ᠠᠳᠬᠠᠬᠤ ᠵᠢᠨ ᠲᠥᠯᠥᠭᠡ᠂ ᠰᠢᠶᠠᠨ᠎ᠤ ᠵᠠᠰᠠᠭ᠎ᠤᠨ ᠣᠷᠳᠣᠨ᠎ᠠᠴᠠ ᠨᠤᠲᠤᠭ ᠪᠡᠯᠴᠢᠭᠡᠷ᠎ᠤᠨ ᠠᠮᠢ ᠠᠬᠤᠢ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠠᠵᠢᠯ᠎ᠤᠨ ᠤᠳᠤᠷᠢᠳᠬᠤ ᠳᠤᠭᠤᠶ᠋ᠢᠯᠠᠩ ᠪᠠᠶ᠋ᠢᠭᠤᠯᠵᠤ᠂ ᠰᠢᠶᠠᠨ᠎ᠤ ᠳᠠᠷᠤᠭ᠎ᠠ᠎ᠪᠠᠷ ᠳᠤᠭᠤᠶ᠋ᠢᠯᠠᠩ᠎ᠤᠨ ᠳᠠᠷᠤᠭ᠎ᠠ ᠪᠣᠯᠭ᠋ᠠᠵᠤ᠂ ᠲᠠᠷᠢᠶᠠᠯᠠᠩ ᠮᠠᠯ ᠠᠵᠤ ᠠᠬᠤᠢ ᠵᠢ ᠬᠤᠪᠢᠳᠠᠨ ᠬᠠᠮᠢᠶᠠᠷᠴᠤ ᠪᠠᠶ᠋ᠢᠭ᠎ᠠ ᠰᠢᠶᠠᠨ᠎ᠤ ᠳᠡᠳ᠋ ᠳᠠᠷᠤᠭ᠎ᠠ᠎ᠪᠠᠷ ᠳᠤᠭᠤᠶ᠋ᠢᠯᠠᠩ᠎ᠤᠨ ᠳᠡᠳ᠋ ᠳᠠᠷᠤᠭ᠎ᠠ ᠪᠣᠯᠭ᠋ᠠᠵᠤ᠂ ᠪᠦᠷᠢᠯᠳᠦᠬᠦᠨ᠎ᠨᠢ ᠡᠳ᠋᠎ᠤᠨ ᠵᠠᠰᠠᠭ᠎ᠤᠨ ᠲᠣᠪᠴᠢᠶ᠎ᠠ᠂ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠂ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠂ ᠬᠢᠨᠠᠨ ᠪᠣᠳᠣᠬᠤ ᠲᠣᠪᠴᠢᠶ᠎ᠠ᠂ ᠴᠠᠭ ᠠᠭᠤᠷ᠎ᠤᠨ ᠲᠣᠪᠴᠢᠶ᠎ᠠ᠂ ᠪᠠᠶᠠᠨᠭᠤᠣᠯ ᠪᠠᠯᠭ᠋ᠠᠰᠤ᠂ ᠱᠠᠵᠢᠨᠲᠣᠬᠤᠢ ᠰᠤᠮᠤᠨ᠎ᠤ ᠭᠣᠣᠯ ᠤᠳᠤᠷᠢᠳᠤᠯᠭ᠎ᠠ᠎ᠪᠠᠷ ᠪᠦᠷᠢᠯᠳᠦᠨ᠎ᠡ᠃ ᠤᠳᠤᠷᠢᠳᠬᠤ ᠳᠤᠭᠤᠶ᠋ᠢᠯᠠᠩ᠎ᠤᠨ ᠳᠣᠣᠷ᠎ᠠ ᠠᠯᠪᠠᠨ ᠭᠡᠷ ᠭᠠᠷᠭ᠋ᠠᠵᠤ᠂ ᠠᠯᠪᠠᠨ ᠭᠡᠷ᠎ᠢ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠳᠤ ᠪᠠᠶ᠋ᠢᠷᠢᠯᠠᠭᠤᠯᠵᠤ᠂ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ ᠵᠢᠨ ᠲᠣᠪᠴᠢᠶᠠᠨ ᠳᠠᠷᠤᠭ᠎ᠠ᠎ᠪᠠᠷ ᠠᠯᠪᠠᠨ ᠭᠡᠷ᠎ᠤᠨ ᠡᠷᠬᠢᠯᠡᠭᠴᠢ ᠪᠣᠯᠭ᠋ᠠᠵᠤ᠂ ᠤᠳᠤᠷᠢᠳᠬᠤ ᠳᠤᠭᠤᠶ᠋ᠢᠯᠠᠩ᠎ᠤᠨ ᠴᠢᠬᠤᠯᠠ ᠶᠡᠬᠡ ᠰᠢᠢ᠍ᠳᠪᠦᠷᠢᠲᠦ ᠪᠣᠳᠣᠯᠭ᠎ᠠ ᠵᠢ ᠨᠠᠶ᠋ᠢᠳᠠᠪᠤᠷᠢᠵᠢᠭᠤᠯᠤᠨ᠂ ᠡᠳᠦᠷ ᠲᠤᠲᠤᠮ᠎ᠤᠨ ᠤᠴᠢᠷ ᠶᠠᠪᠤᠳᠠᠯ᠎ᠢ ᠰᠢᠢ᠍ᠳᠪᠦᠷᠢᠯᠡᠬᠦ ᠵᠢ ᠬᠠᠷᠢᠭᠤᠴᠠᠨ᠎ᠠ᠃ ᠡᠯ᠎ᠡ ᠰᠤᠮᠤ ᠪᠠᠯᠭ᠋ᠠᠰᠤ᠂ ᠭᠠᠴᠠᠭ᠎ᠠ ᠪᠠᠰᠠ ᠵᠣᠬᠢᠬᠤ ᠵᠣᠬᠢᠶᠠᠨ ᠪᠠᠶ᠋ᠢᠭᠤᠯᠤᠯᠲᠠ ᠵᠢᠨ ᠪᠠᠶ᠋ᠢᠭᠤᠯᠤᠮᠵᠢ ᠵᠢ ᠪᠠᠶ᠋ᠢᠭᠤᠯᠬᠤ ᠬᠡᠷᠡᠭᠲᠡᠢ᠃ ᠳᠡᠭᠡᠷ᠎ᠡ᠎ᠠᠴᠠ ᠳᠣᠷᠣᠭᠰᠢ᠎ᠪᠠᠨ ᠵᠣᠬᠢᠶᠠᠨ ᠪᠠᠶ᠋ᠢᠭᠤᠯᠤᠯᠲᠠ ᠵᠢᠨ ᠪᠠᠲᠤᠯᠠᠭ᠎ᠠ ᠵᠢᠨ ᠰᠢᠰᠲ᠋ᠧᠮᠵᠢ ᠵᠢ ᠪᠣᠢ ᠪᠣᠯᠭ᠋ᠠᠵᠤ᠂ ᠱᠠᠲᠤ ᠱᠠᠲᠤ᠎ᠪᠠᠷ ᠬᠠᠷᠢᠭᠤᠴᠠᠯᠭ᠎ᠠ ᠵᠢᠨ ᠪᠢᠴᠢᠭ᠎ᠲᠤ ᠭᠠᠷ᠎ᠤᠨ ᠦᠰᠦᠭ ᠵᠢᠷᠤᠵᠤ᠂ ᠨᠢᠭᠡ ᠱᠠᠲᠤ᠎ᠨᠢ ᠨᠢᠭᠡ ᠱᠠᠲᠤ᠎ᠪᠠᠨ ᠠᠳᠬᠤᠬᠤ᠂ ᠱᠠᠲᠤ ᠱᠠᠲᠤ᠎ᠪᠠᠷ ᠬᠠᠮᠢᠶᠠᠷᠬᠤ ᠬᠥᠮᠦᠨ᠎ᠲᠠᠢ᠂ ᠶᠠᠪᠤᠳᠠᠯ ᠪᠣᠯᠭ᠋ᠠᠨ᠎ᠳᠤ ᠬᠢᠬᠦ ᠬᠥᠮᠦᠨ᠎ᠲᠠᠢ ᠪᠠᠶ᠋ᠢᠬᠤ ᠠᠵᠢᠯ᠎ᠤᠨ ᠪᠠᠶ᠋ᠢᠷᠢᠰᠢᠯ᠎ᠢ ᠪᠣᠢ ᠪᠣᠯᠭ᠋ᠠᠵᠤ᠂ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢ ᠪᠦᠬᠦ ᠲᠠᠯ᠎ᠠ᠎ᠪᠠᠷ ᠨᠠᠶ᠋ᠢᠳᠠᠪᠤᠷᠢᠵᠢᠭᠤᠯᠬᠤ᠎ᠳᠤ ᠴᠢᠩᠭ᠎ᠠ ᠬᠦᠴᠦᠲᠡᠢ ᠵᠣᠬᠢᠶᠠᠨ ᠪᠠᠶ᠋ᠢᠭᠤᠯᠤᠯᠲᠠ ᠵᠢᠨ ᠪᠠᠲᠤᠯᠠᠭ᠎ᠠ ᠬᠠᠩᠭ᠋ᠠᠬᠤ ᠬᠡᠷᠡᠭᠲᠡᠢ᠃
      (ᠬᠣᠶᠠᠷ) ᠪᠡᠯᠡ ᠮᠥᠩᠭᠥ ᠣᠯᠭᠣᠬᠤ ᠵᠢ ᠬᠠᠷᠢᠭᠤᠴᠠᠯᠭ᠎ᠠ᠎ᠯᠤᠭ᠎ᠠ ᠬᠣᠯᠪᠣᠭᠳᠠᠭᠤᠯᠬᠤ ᠬᠡᠷᠡᠭᠲᠡᠢ᠃ ᠨᠢᠭᠡ᠎ᠳᠤ ᠰᠤᠮᠤ ᠪᠠᠯᠭ᠋ᠠᠰᠤ᠎ᠠᠴᠠ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ᠎ᠳᠤ ᠣᠷᠣᠭᠤᠯᠤᠭᠰᠠᠨ ᠪᠤᠢ ᠪᠦᠬᠦᠢ ᠮᠠᠯᠵᠢᠬᠤ ᠡᠷᠦᠬᠡ᠎ᠳᠤ ᠴᠥᠮ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠬᠠᠷᠢᠭᠤᠴᠠᠯᠭ᠎ᠠ ᠵᠢᠨ ᠪᠢᠴᠢᠭ᠎ᠲᠤ ᠭᠠᠷ᠎ᠤᠨ ᠦᠰᠦᠭ ᠵᠢᠷᠤᠭᠤᠯᠵᠤ᠂ ᠬᠠᠷᠢᠭᠤᠴᠠᠯᠭ᠎ᠠ ᠵᠢᠨ ᠪᠢᠴᠢᠭ᠎ᠲᠤ ᠭᠠᠷ᠎ᠤᠨ ᠦᠰᠦᠭ ᠵᠢᠷᠤᠭᠰᠠᠨ ᠦᠭᠡᠢ ᠪᠠᠶ᠋ᠢᠪᠠᠯ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠨᠥᠬᠥᠪᠥᠷᠢ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠱᠠᠩᠨᠠᠯ᠎ᠤᠨ ᠪᠡᠯᠡ ᠮᠥᠩᠭᠥ ᠵᠢ ᠪᠦᠬᠦᠨ᠎ᠢ ᠰᠠᠭᠤᠯᠭ᠋ᠠᠨ ᠠᠪᠬᠤ ᠪᠤᠶᠤ ᠵᠣᠭᠰᠣᠭ᠋ᠠᠨ᠎ᠠ᠃ ᠬᠣᠶᠠᠷ᠎ᠲᠤ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠠᠴᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠳᠦᠷᠢᠮ᠎ᠢ ᠬᠢᠨᠠᠨ ᠬᠠᠮᠢᠶᠠᠷᠬᠤ ᠵᠢ ᠬᠠᠷᠢᠭᠤᠴᠠᠵᠤ᠂ ᠡᠯ᠎ᠡ ᠰᠤᠮᠤ ᠪᠠᠯᠭ᠋ᠠᠰᠤ ᠵᠢᠨ ᠵᠠᠰᠠᠭ᠎ᠤᠨ ᠣᠷᠳᠣᠨ᠎ᠠᠴᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠳᠦᠷᠢᠮ᠎ᠢ ᠨᠠᠶ᠋ᠢᠳᠠᠪᠤᠷᠢᠵᠢᠭᠤᠯᠬᠤ ᠠᠵᠢᠯ᠎ᠢ ᠪᠣᠳᠠᠲᠠᠢ ᠬᠠᠷᠢᠭᠤᠴᠠᠵᠤ᠂ ᠨᠠᠶ᠋ᠢᠳᠠᠪᠤᠷᠢᠵᠢᠭᠤᠯᠤᠭᠰᠠᠨ ᠵᠶ᠋ᠠᠷ ᠬᠦᠷᠦᠯᠴᠡᠬᠦ ᠦᠭᠡᠢ ᠪᠣᠯ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠳᠤ ᠴᠠᠭ ᠲᠤᠬᠠᠢ᠎ᠳᠤᠨᠢ ᠮᠡᠳᠡᠭᠳᠡᠵᠦ᠂ ᠬᠡᠰᠡᠭ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠰᠠᠭᠤᠯᠭ᠋ᠠᠨ ᠠᠪᠬᠤ ᠪᠤᠶᠤ ᠵᠣᠭᠰᠣᠭ᠋ᠠᠬᠤ᠎ᠪᠠᠷ ᠭᠤᠶᠤᠴᠢᠯᠠᠵᠤ᠂ ᠰᠢᠭᠦᠮᠵᠢᠯᠡᠨ ᠰᠤᠷᠭ᠋ᠠᠵᠤ ᠴᠡᠭᠴᠡᠯᠡᠨ ᠰᠠᠶ᠋ᠢᠵᠢᠷᠠᠭᠤᠯᠬᠤ᠎ᠪᠠᠷ ᠳᠠᠮᠵᠢᠨ ᠮᠥᠨ ᠬᠦ᠌ ᠪᠠᠷᠢᠮᠵᠢᠶ᠎ᠠ᠎ᠳᠤ ᠬᠦᠷᠦᠯᠴᠡᠬᠦ ᠦᠭᠡᠢ ᠪᠣᠯ ᠪᠥᠬᠦ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠰᠠᠭᠤᠯᠭ᠋ᠠᠨ ᠠᠪᠤᠨ᠎ᠠ; ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠳᠦᠷᠢᠮ᠎ᠢ ᠨᠠᠶ᠋ᠢᠳᠠᠪᠤᠷᠢᠵᠢᠭᠤᠯᠤᠨ ᠪᠣᠳᠠᠲᠠᠶ᠋ᠢᠵᠢᠭᠤᠯᠤᠭᠰᠠᠨ ᠮᠥᠷᠲᠡᠭᠡᠨ ᠦᠷ᠎ᠡ ᠪᠦᠲᠦᠮᠵᠢ᠎ᠪᠠᠷ ᠲᠣᠪᠣᠶ᠋ᠢᠮ᠎ᠠ ᠪᠠᠶ᠋ᠢᠪᠠᠯ ᠱᠠᠩᠨᠠᠨ ᠬᠥᠬᠢᠭᠦᠯᠦᠨ᠎ᠡ᠃ ᠭᠤᠷᠪᠠ᠎ᠳᠤ ᠲᠣᠬᠢᠷᠠᠮᠵᠢᠲᠠᠢ ᠪᠡᠯᠴᠢᠭᠡᠷ᠎ᠤᠨ ᠳᠠᠭ᠋ᠠᠭ᠋ᠠᠴᠠ ᠵᠢᠨ ᠬᠡᠮᠵᠢᠶ᠎ᠡ ᠵᠢ ᠲᠣᠭᠲᠠᠭ᠋ᠠᠵᠤ᠂ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠨᠢ ᠳᠡᠭᠡᠷ᠎ᠡ ᠨᠢᠭᠡ ᠵᠢᠯ᠎ᠤᠨ ᠮᠠᠯ ᠠᠵᠤ ᠠᠬᠤᠢ ᠵᠢᠨ ᠣᠨ᠎ᠤ ᠮᠠᠯ᠎ᠤᠨ ᠲᠣᠭ᠎ᠠ ᠬᠡᠮᠵᠢᠶ᠎ᠡ ᠪᠠ ᠨᠤᠲᠤᠭ ᠪᠡᠯᠴᠢᠭᠡᠷ᠎ᠤᠨ ᠪᠣᠳᠠᠲᠠᠢ ᠦᠢ᠍ᠯᠡᠳᠪᠦᠷᠢᠯᠡᠯ᠎ᠤᠨ ᠴᠢᠳᠠᠪᠤᠷᠢ᠎ᠳᠤ ᠲᠣᠬᠢᠷᠠᠮᠵᠢᠲᠠᠢ ᠪᠡᠯᠴᠢᠭᠡᠷ᠎ᠤᠨ ᠳᠠᠭ᠋ᠠᠭ᠋ᠠᠴᠠ ᠵᠢᠨ ᠬᠡᠮᠵᠢᠶ᠎ᠡ ᠵᠢ ᠬᠢᠨᠠᠨ ᠲᠣᠭᠲᠠᠭ᠋ᠠᠵᠤ᠂ ᠵᠠᠷᠯᠠᠨ ᠨᠡᠶ᠋ᠢᠲᠡᠯᠡᠭᠰᠡᠨ᠎ᠤ ᠳᠠᠷᠠᠭ᠎ᠠ ᠨᠢᠭᠡᠳᠦᠯᠲᠡᠢ ᠬᠡᠷᠡᠭᠵᠢᠭᠦᠯᠬᠦ ᠵᠢᠨ ᠬᠠᠮᠲᠤ᠂ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠵᠢᠨ ᠨᠥᠬᠥᠪᠥᠷᠢ ᠱᠠᠩᠨᠠᠯ᠎ᠤᠨ ᠪᠡᠯᠡ ᠮᠥᠩᠭᠥ ᠣᠯᠭᠣᠬᠤ ᠵᠢᠨ ᠴᠢᠬᠤᠯᠠ ᠦᠨᠳᠦᠰᠦᠯᠡᠯ ᠪᠣᠯᠭ᠋ᠠᠬᠤ ᠬᠡᠷᠡᠭᠲᠡᠢ᠃
      (ᠭᠤᠷᠪᠠ) ᠪᠡᠯᠡ ᠮᠥᠩᠭᠥ ᠵᠢᠨ ᠪᠠᠲᠤᠯᠠᠭ᠎ᠠ ᠵᠢ ᠴᠢᠩᠭ᠋ᠠᠳᠬᠠᠨ᠎ᠠ᠃ ᠰᠢᠶᠠᠨ᠎ᠤ ᠡᠳ᠋᠎ᠤᠨ ᠵᠠᠰᠠᠭ᠎ᠤᠨ ᠲᠣᠪᠴᠢᠶ᠎ᠠ᠎ᠨᠢ ᠵᠢᠯ ᠪᠦᠷᠢ ᠵᠢᠨ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠴᠠᠭ ᠲᠤᠬᠠᠢ᠎ᠳᠤᠨᠢ ᠭᠦᠢ᠍ᠴᠡᠳ ᠲᠣᠭ᠎ᠠ᠎ᠪᠠᠷ ᠡᠷᠦᠬᠡ᠎ᠳᠤ ᠣᠯᠭᠣᠬᠤ ᠵᠢ ᠪᠠᠲᠤᠯᠠᠬᠤ ᠵᠢᠨ ᠬᠠᠮᠲᠤ᠂ ᠠᠵᠢᠯ᠎ᠤᠨ ᠵᠠᠷᠤᠳᠠᠯ᠎ᠢ ᠵᠣᠬᠢᠰᠲᠠᠢ ᠢᠵᠢ ᠪᠦᠷᠢᠳᠦᠭᠦᠯᠵᠦ᠂ ᠠᠵᠢᠯ᠎ᠤᠨ ᠠᠮᠵᠢᠯᠲᠠ ᠪᠦᠲᠦᠮᠵᠢ ᠵᠢ ᠰᠢᠯᠭ᠋ᠠᠨ ᠬᠢᠨᠠᠬᠤ᠂ ᠲᠥᠷᠥ ᠵᠢᠨ ᠪᠣᠳᠣᠯᠭ᠎ᠠ ᠵᠢᠨ ᠪᠣᠯᠪᠠᠰᠤᠷᠠᠭᠤᠯᠤᠯ᠂ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠵᠡᠷᠭᠡ ᠬᠠᠮᠢᠶᠠᠷᠤᠯᠲᠠ ᠵᠢᠨ ᠵᠠᠷᠤᠯᠭ᠎ᠠ ᠵᠢ ᠪᠠᠲᠤᠯᠠᠵᠤ᠂ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠡᠵᠡᠯᠡᠬᠦ᠂ ᠠᠵᠢᠯ᠎ᠤᠨ ᠵᠠᠷᠤᠳᠠᠯ᠎ᠳᠤ ᠰᠢᠯᠵᠢᠭᠦᠯᠦᠨ ᠬᠡᠷᠡᠭᠯᠡᠬᠦ ᠵᠢ ᠴᠢᠩᠭ᠎ᠠ ᠴᠠᠭ᠋ᠠᠵᠠᠯᠠᠬᠤ ᠬᠡᠷᠡᠭᠲᠡᠢ᠃
      (ᠳᠥᠷᠪᠡ) ᠰᠠᠯᠠᠭ᠎ᠠ ᠮᠥᠴᠢᠷ᠎ᠤᠨ ᠠᠵᠢᠯ᠎ᠤᠨ ᠬᠤᠪᠢᠶᠠᠷᠢᠯᠠᠯ᠎ᠢ ᠲᠣᠳᠣᠷᠬᠠᠶ᠋ᠢᠯᠠᠬᠤ ᠬᠡᠷᠡᠭᠲᠡᠢ᠃ ᠡᠳ᠋᠎ᠤᠨ ᠵᠠᠰᠠᠭ᠎ᠤᠨ ᠲᠣᠪᠴᠢᠶ᠎ᠠ᠎ᠨᠢ ᠬᠠᠮᠢᠶ᠎ᠠ ᠪᠦᠬᠦᠢ ᠰᠠᠯᠠᠭ᠎ᠠ ᠮᠥᠴᠢᠷ᠎ᠲᠠᠢ ᠬᠠᠮᠲᠤᠷᠠᠨ ᠪᠡᠯᠡ ᠮᠥᠩᠭᠥ ᠲᠠᠷᠬᠠᠭ᠋ᠠᠬᠤ ᠪᠠ ᠠᠵᠢᠯ᠎ᠤᠨ ᠠᠮᠵᠢᠯᠲᠠ ᠪᠦᠲᠦᠮᠵᠢ ᠵᠢᠨ ᠬᠠᠮᠢᠶᠠᠷᠤᠯᠲᠠ ᠵᠢᠨ ᠠᠵᠢᠯ᠎ᠢ ᠰᠠᠶ᠋ᠢᠲᠤᠷ ᠬᠢᠵᠦ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠪᠡᠯᠡ ᠮᠥᠩᠭᠥ ᠵᠢᠨ ᠬᠤᠪᠢᠶᠠᠷᠢᠯᠠᠯᠲᠠ ᠵᠢᠨ ᠪᠠᠶ᠋ᠢᠳᠠᠯ᠎ᠢ ᠦᠨᠳᠦᠰᠦᠯᠡᠨ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢᠨ ᠲᠤᠰᠬᠠᠢ ᠳᠠᠩᠰᠠ ᠪᠠᠶ᠋ᠢᠭᠤᠯᠵᠤ᠂ ᠳᠠᠩᠰᠠ ᠬᠤᠪᠢᠶᠠᠨ ᠲᠣᠭ᠋ᠠᠴᠠᠭ᠎ᠠ ᠬᠢᠬᠦ ᠲᠤᠰᠬᠠᠢ ᠮᠥᠩᠭᠥ ᠵᠢ ᠲᠤᠰᠬᠠᠢ ᠵᠦᠢ᠍ᠯ᠎ᠳᠤ ᠬᠡᠷᠡᠭᠯᠡᠬᠦ ᠬᠡᠷᠡᠭᠲᠡᠢ; ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠨᠢ ᠲᠣᠭᠲᠠᠭ᠋ᠠᠭᠰᠠᠨ ᠨᠤᠲᠤᠭ ᠪᠡᠯᠴᠢᠭᠡᠷ᠎ᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ ᠣᠷᠣᠨ ᠪᠦᠰᠡ᠂ ᠲᠠᠯᠠᠪᠠᠢ ᠵᠢ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠳᠤ ᠴᠠᠭ ᠲᠤᠬᠠᠢ᠎ᠳᠤᠨᠢ ᠮᠡᠳᠡᠭᠦᠯᠬᠦ ᠵᠢᠨ ᠬᠠᠮᠲᠤ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ ᠪᠠ ᠪᠡᠯᠴᠢᠭᠡᠷᠯᠡᠭᠦᠯᠬᠦ ᠵᠢ ᠴᠠᠭ᠋ᠠᠵᠠᠯᠠᠬᠤ᠎ᠳᠤ ᠬᠢᠨᠠᠯᠲᠠ ᠲᠠᠯᠪᠢᠵᠤ ᠬᠠᠮᠢᠶᠠᠷᠬᠤ ᠵᠢ ᠬᠠᠷᠢᠭᠤᠴᠠᠬᠤ ᠬᠡᠷᠡᠭᠲᠡᠢ᠃ ᠨᠤᠲᠤᠭ ᠪᠡᠯᠴᠢᠭᠡᠷ᠎ᠤᠨ ᠠᠮᠢ ᠠᠬᠤᠢ ᠵᠢᠨ ᠲᠣᠭ᠋ᠠᠴᠢᠯᠠᠭᠰᠠᠨ ᠬᠢᠨᠠᠯᠲᠠ ᠬᠠᠮᠢᠶᠠᠷᠤᠯᠲᠠ ᠵᠢᠨ ᠲᠠᠪᠴᠠᠩ᠎ᠢ ᠰᠠᠶ᠋ᠢᠲᠤᠷ ᠬᠡᠷᠡᠭᠯᠡᠵᠦ᠂ ᠰᠢᠶᠠᠨ᠂ ᠰᠤᠮᠤ ᠰᠢᠶᠠᠩ ᠪᠠᠯᠭ᠋ᠠᠰᠤ᠂ ᠭᠠᠴᠠᠭ᠎ᠠ ᠲᠣᠰᠬᠣᠨ ᠭᠤᠷᠪᠠᠨ ᠱᠠᠲᠤᠨ᠎ᠤ ᠨᠤᠲᠤᠭ ᠪᠡᠯᠴᠢᠭᠡᠷ᠎ᠢ ᠬᠠᠮᠢᠶᠠᠷᠤᠨ ᠬᠠᠮᠠᠭ᠋ᠠᠯᠠᠬᠤ ᠲᠣᠣᠷ ᠰᠦᠯᠵᠢᠶ᠎ᠡ ᠵᠢ ᠪᠠᠶ᠋ᠢᠭᠤᠯᠤᠨ ᠪᠦᠷᠢᠨᠰᠢᠭᠦᠯᠵᠦ᠂ ᠲᠣᠣᠷᠵᠢᠭᠤᠯᠤᠨ ᠬᠠᠷᠢᠭᠤᠴᠠᠯᠭ᠎ᠠ ᠵᠢ ᠨᠠᠶ᠋ᠢᠳᠠᠪᠤᠷᠢᠵᠢᠭᠤᠯᠬᠤ ᠵᠢ ᠬᠡᠷᠡᠭᠵᠢᠭᠦᠯᠦᠨ᠂ ᠨᠤᠲᠤᠭ ᠪᠡᠯᠴᠢᠭᠡᠷ᠎ᠤᠨ ᠪᠡᠯᠴᠢᠭᠡᠷ ᠮᠠᠯ᠎ᠢ ᠲᠡᠩᠴᠡᠭᠦᠷᠢ᠎ᠲᠠᠢ ᠪᠠᠶ᠋ᠢᠯᠭ᠋ᠠᠬᠤ᠂ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠡᠯᠴᠢᠭᠡᠷᠯᠡᠭᠦᠯᠬᠦ ᠵᠢ ᠵᠣᠭᠰᠣᠭ᠋ᠠᠬᠤ ᠰᠡᠯᠭᠦᠨ ᠮᠠᠯᠵᠢᠬᠤ ᠳᠦᠷᠢᠮ᠎ᠢ ᠨᠠᠶ᠋ᠢᠳᠠᠪᠤᠷᠢᠵᠢᠭᠤᠯᠤᠭᠰᠠᠨ ᠪᠠᠶ᠋ᠢᠳᠠᠯ᠎ᠳᠤ ᠬᠢᠨᠠᠯᠲᠠ ᠲᠠᠯᠪᠢᠵᠤ ᠪᠠᠶ᠋ᠢᠴᠠᠭ᠋ᠠᠬᠤ ᠡᠷᠴᠢᠮ ᠵᠶ᠋ᠠᠨ ᠴᠢᠩᠭ᠋ᠠᠷᠠᠭᠤᠯᠤᠨ᠎ᠠ᠃ ᠲᠠᠷᠢᠶᠠᠯᠠᠩ ᠮᠠᠯ ᠠᠵᠤ ᠠᠬᠤᠢ ᠪᠠ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠲᠣᠪᠴᠢᠶ᠎ᠠ᠎ᠨᠢ ᠲᠥᠷᠥ ᠵᠢᠨ ᠪᠣᠳᠣᠯᠭ᠎ᠠ ᠵᠢ ᠬᠡᠷᠡᠭᠵᠢᠭᠦᠯᠬᠦ ᠬᠡᠷᠡᠭᠴᠡᠭᠡ ᠱᠠᠭ᠋ᠠᠷᠳᠠᠯᠭ᠎ᠠ ᠶᠣᠰᠣᠭ᠋ᠠᠷ᠂ ᠲᠥᠷᠥ ᠵᠢᠨ ᠪᠣᠳᠣᠯᠭ᠎ᠠ ᠵᠢ ᠬᠦᠷᠲᠡᠵᠦ ᠪᠠᠶ᠋ᠢᠭ᠎ᠠ ᠮᠠᠯᠴᠢᠨ ᠲᠠᠷᠢᠶᠠᠴᠢᠨ᠎ᠢ ᠳᠠᠩᠰᠠᠯᠠᠨ ᠲᠡᠮᠳᠡᠭᠯᠡᠬᠦ ᠵᠢ ᠬᠠᠷᠢᠭᠤᠴᠠᠬᠤ ᠵᠢᠨ ᠬᠠᠮᠲᠤ᠂ ᠡᠳ᠋᠎ᠤᠨ ᠵᠠᠰᠠᠭ᠂ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠳᠤ ᠴᠠᠭ ᠲᠤᠬᠠᠢ᠎ᠳᠤᠨᠢ ᠨᠡᠪᠲᠡᠷᠡᠭᠦᠯᠵᠦ᠂ ᠨᠤᠲᠤᠭ ᠪᠡᠯᠴᠢᠭᠡᠷ᠎ᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠪᠠ ᠮᠠᠯ ᠪᠡᠯᠴᠢᠭᠡᠷ᠎ᠢ ᠲᠡᠩᠴᠡᠭᠦᠷᠢ᠎ᠲᠠᠢ ᠪᠠᠶ᠋ᠢᠯᠭ᠋ᠠᠬᠤ ᠳᠦᠷᠢᠮ᠎ᠢ ᠰᠠᠶ᠋ᠢᠲᠤᠷ ᠨᠠᠶ᠋ᠢᠳᠠᠪᠤᠷᠢᠵᠢᠭᠤᠯᠵᠤ᠂ ᠨᠥᠬᠥᠪᠥᠷᠢ ᠱᠠᠩᠨᠠᠯ᠎ᠤᠨ ᠪᠡᠯᠡ ᠮᠥᠩᠭᠥ ᠵᠢ ᠰᠠᠶ᠋ᠢᠲᠤᠷ ᠣᠯᠭᠣᠬᠤ᠎ᠳᠤ ᠰᠠᠭᠤᠷᠢ ᠲᠣᠭ᠎ᠠ ᠪᠠᠷᠢᠮᠲᠠ ᠵᠢᠨ ᠲᠤᠯᠭ᠋ᠠᠭᠤᠷᠢᠯᠠᠯ ᠬᠠᠩᠭ᠋ᠠᠬᠤ ᠬᠡᠷᠡᠭᠲᠡᠢ᠃ ᠡᠭᠦᠨ᠎ᠤ ᠬᠠᠮᠲᠤ ᠲᠥᠷᠥ ᠵᠢᠨ ᠪᠣᠳᠣᠯᠭ᠎ᠠ ᠵᠢᠨ ᠤᠬᠠᠭᠤᠯᠭ᠎ᠠ ᠵᠢ ᠥᠷᠨᠢᠭᠦᠯᠵᠦ᠂ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠠᠭᠤᠯᠭ᠎ᠠ᠎ᠳᠤ ᠲᠠᠶ᠋ᠢᠯᠤᠮᠵᠢ ᠬᠢᠵᠦ ᠲᠥᠷᠥ ᠵᠢᠨ ᠪᠣᠳᠣᠯᠭ᠎ᠠ ᠵᠢᠨ ᠪᠣᠯᠪᠠᠰᠤᠷᠠᠭᠤᠯᠤᠯ᠎ᠢ ᠴᠢᠩᠭ᠋ᠠᠳᠬᠠᠨ᠂ ᠠᠵᠢᠯ᠎ᠤᠨ ᠰᠠᠭᠤᠷᠢ᠎ᠪᠠᠨ ᠲᠠᠰᠤᠷᠠᠯᠲᠠ ᠥᠬᠡᠶ ᠪᠡᠬᠢᠵᠢᠭᠦᠯᠵᠦ᠂ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠨᠠᠶ᠋ᠢᠳᠠᠪᠤᠷᠢᠵᠢᠭᠤᠯᠤᠯᠲᠠ ᠵᠢ ᠨᠠᠶ᠋ᠢᠳᠠᠪᠤᠷᠢᠵᠢᠭᠤᠯᠤᠨ ᠪᠣᠳᠠᠲᠠᠶ᠋ᠢᠵᠢᠭᠤᠯᠬᠤ ᠵᠢ ᠠᠬᠢᠭᠤᠯᠬᠤ ᠬᠡᠷᠡᠭᠲᠡᠢ᠃
      (ᠲᠠᠪᠤ) ᠶᠠᠷᠢᠶ᠎ᠠ ᠬᠡᠯᠡᠯᠴᠡᠭᠡᠨ᠎ᠤ ᠤᠬᠠᠭᠤᠯᠭ᠎ᠠ ᠵᠢ ᠴᠢᠩᠭ᠋ᠠᠳᠬᠠᠨ᠎ᠠ᠃ ᠰᠣᠨᠢᠨ ᠮᠡᠳᠡᠭᠡᠨ᠎ᠤ ᠵᠠᠭᠤᠴᠢᠯᠠᠭᠤᠷ᠎ᠤᠨ ᠦᠢ᠍ᠯᠡᠳᠦᠯ᠎ᠢ ᠪᠠᠳᠠᠷᠠᠭᠤᠯᠵᠤ᠂ ᠷᠠᠳᠢᠣ᠋ ᠲᠧᠯᠸᠢᠰ᠂ ᠰᠣᠨᠢᠨ ᠰᠡᠳᠬᠦᠯ᠂ ᠰᠢᠨ᠎ᠡ ᠵᠠᠭᠤᠴᠢᠯᠠᠭᠤᠷ ᠵᠡᠷᠭᠡ ᠣᠯᠠᠨ ᠡᠰᠢᠲᠦ ᠰᠣᠨᠢᠨ ᠮᠡᠳᠡᠭᠡᠨ᠎ᠤ ᠠᠴᠢᠶᠠᠯᠠᠪᠤᠷᠢ᠎ᠳᠤ ᠲᠦᠰᠢᠭᠯᠡᠨ᠂ ᠵᠢᠴᠢ ᠠᠶ᠋ᠢᠯ ᠲᠣᠰᠬᠣᠨ᠎ᠳᠤ ᠬᠦᠷᠴᠦ ᠤᠬᠠᠭᠤᠯᠤᠨ ᠲᠠᠶ᠋ᠢᠯᠪᠤᠷᠢᠯᠠᠬᠤ᠂ ᠲᠥᠷᠥ ᠵᠢᠨ ᠪᠣᠳᠣᠯᠭ᠎ᠠ ᠵᠢᠨ ᠢᠯᠡ ᠴᠠᠭ᠋ᠠᠰᠤ ᠲᠠᠷᠬᠠᠭ᠋ᠠᠬᠤ ᠵᠡᠷᠭᠡ ᠣᠯᠠᠨ ᠵᠦᠢ᠍ᠯ᠎ᠤᠨ ᠬᠡᠯᠪᠡᠷᠢ᠎ᠪᠠᠷ ᠨᠤᠲᠤᠭ ᠪᠡᠯᠴᠢᠭᠡᠷ᠎ᠤᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠠᠭᠤᠯᠭ᠎ᠠ ᠪᠠ ᠬᠡᠷᠡᠭᠵᠢᠭᠦᠯᠬᠦ ᠠᠷᠭ᠎ᠠ ᠵᠠᠮ᠎ᠢ ᠣᠨᠣᠪᠴᠢᠲᠠᠢ ᠲᠠᠶ᠋ᠢᠯᠪᠤᠷᠢᠯᠠᠵᠤ᠂ ᠲᠥᠷᠥ ᠵᠢᠨ ᠪᠣᠳᠣᠯᠭ᠎ᠠ ᠵᠢ ᠬᠥᠮᠦᠰ᠎ᠤᠨ ᠰᠡᠳᠬᠢᠯ᠎ᠳᠤ ᠬᠠᠳᠠᠩᠰᠢᠭᠤᠯᠤᠨ᠂ ᠡᠷᠦᠬᠡ ᠪᠣᠯᠭ᠋ᠠᠨ᠎ᠳᠤ ᠮᠡᠳᠡᠭᠦᠯᠵᠦ᠂ ᠪᠦᠬᠦ ᠨᠡᠶ᠋ᠢᠭᠡᠮ ᠵᠶ᠋ᠠᠷ ᠵᠶ᠋ᠠᠨ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠠᠵᠢᠯ᠎ᠳᠤ ᠣᠷᠣᠯᠴᠠᠬᠤ ᠰᠠᠶ᠋ᠢᠨ ᠰᠠᠶ᠋ᠢᠬᠠᠨ ᠠᠭᠤᠷ ᠠᠮᠢᠰᠬᠤᠯ᠎ᠢ ᠪᠣᠢ ᠪᠣᠯᠭ᠋ᠠᠵᠤ᠂ ᠮᠠᠯᠴᠢᠨ ᠲᠠᠷᠢᠶᠠᠴᠢᠨ᠎ᠤ ᠨᠤᠲᠤᠭ ᠪᠡᠯᠴᠢᠭᠡᠷ᠎ᠢ ᠬᠠᠮᠠᠭ᠋ᠠᠯᠠᠬᠤ ᠢᠳᠡᠪᠬᠢᠵᠢᠯ ᠪᠠ ᠬᠠᠷᠢᠭᠤᠴᠠᠯᠭ᠋ᠠᠲᠤ ᠰᠡᠳᠬᠢᠯᠭᠡ ᠵᠢ ᠳᠠᠶ᠋ᠢᠴᠢᠯᠠᠨ᠂ ᠮᠠᠯᠴᠢᠨ ᠲᠠᠷᠢᠶᠠᠴᠢᠨ᠎ᠤ ᠣᠷᠣᠯᠴᠠᠬᠤ ᠬᠡᠮᠵᠢᠶ᠎ᠡ ᠪᠠ ᠦᠭᠡ ᠬᠡᠯᠡᠬᠦ ᠡᠷᠬᠡ ᠵᠢ ᠳᠡᠭᠡᠭᠰᠢᠯᠡᠭᠦᠯᠦᠨ᠎ᠡ᠃
      (ᠵᠢᠷᠭᠤᠭ᠎ᠠ) ᠠᠵᠢᠯ᠎ᠤᠨ ᠠᠮᠵᠢᠯᠲᠠ ᠪᠦᠲᠦᠮᠵᠢ ᠵᠢ ᠰᠢᠯᠭ᠋ᠠᠨ ᠬᠢᠨᠠᠬᠤ ᠵᠢ ᠴᠢᠩᠭ᠋ᠠᠳᠬᠠᠨ᠎ᠠ᠃ ᠡᠯᠡᠰᠦ ᠵᠢ ᠰᠡᠷᠭᠡᠶ᠋ᠢᠯᠡᠨ ᠵᠠᠰᠠᠬᠤ ᠲᠣᠪᠴᠢᠶ᠎ᠠ᠎ᠨᠢ ᠨᠤᠲᠤᠭ ᠪᠡᠯᠴᠢᠭᠡᠷ᠎ᠤᠨ ᠬᠠᠤᠯᠢ ᠬᠡᠷᠡᠭᠵᠢᠭᠦᠯᠬᠦ ᠠᠵᠢᠯ᠎ᠤᠨ ᠡᠷᠴᠢᠮ ᠵᠶ᠋ᠠᠨ ᠴᠢᠩᠭ᠋ᠠᠷᠠᠭᠤᠯᠵᠤ᠂ ᠨᠤᠲᠤᠭ ᠪᠡᠯᠴᠢᠭᠡᠷ᠎ᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠳᠦᠷᠢᠮ᠎ᠢ ᠨᠠᠶ᠋ᠢᠳᠠᠪᠤᠷᠢᠵᠢᠭᠤᠯᠬᠤ ᠪᠠ ᠬᠢᠨᠠᠨ ᠬᠠᠮᠢᠶᠠᠷᠬᠤ ᠠᠵᠢᠯ᠎ᠢ ᠪᠦᠬᠦ ᠲᠠᠯ᠎ᠠ᠎ᠪᠠᠷ ᠰᠠᠶ᠋ᠢᠲᠤᠷ ᠠᠳᠬᠤᠬᠤ ᠬᠡᠷᠡᠭᠲᠡᠢ᠃ ᠰᠢᠶᠠᠨ᠎ᠤ ᠨᠤᠲᠤᠭ ᠪᠡᠯᠴᠢᠭᠡᠷ᠎ᠤᠨ ᠠᠮᠢ ᠠᠬᠤᠢ ᠵᠢᠨ ᠬᠠᠮᠠᠭ᠋ᠠᠯᠠᠯᠲᠠ ᠵᠢᠨ ᠨᠥᠬᠥᠪᠥᠷᠢ ᠱᠠᠩᠨᠠᠯ᠎ᠤᠨ ᠲᠥᠷᠥ ᠵᠢᠨ ᠪᠣᠳᠣᠯᠭ᠎ᠠ ᠵᠢᠨ ᠤᠳᠤᠷᠢᠳᠬᠤ ᠳᠤᠭᠤᠶ᠋ᠢᠯᠠᠩ᠎ᠨᠢ ᠬᠥᠮᠦᠰ᠎ᠢ ᠵᠣᠬᠢᠶᠠᠨ ᠪᠠᠶ᠋ᠢᠭᠤᠯᠵᠤ ᠨᠤᠲᠤᠭ ᠪᠡᠯᠴᠢᠭᠡᠷ᠎ᠤᠨ ᠪᠡᠯᠴᠢᠭᠡᠷᠯᠡᠭᠦᠯᠬᠦ ᠵᠢ ᠴᠠᠭ᠋ᠠᠵᠠᠯᠠᠬᠤ ᠠᠵᠢᠯ᠎ᠤᠨ ᠪᠠᠶ᠋ᠢᠳᠠᠯ᠎ᠳᠤ ᠲᠣᠭᠲᠠᠮᠠᠯ ᠬᠤᠭᠤᠴᠠᠭ᠎ᠠ᠎ᠲᠠᠢ᠂ ᠲᠣᠭᠲᠠᠮᠠᠯ ᠪᠤᠰᠤ ᠬᠤᠭᠤᠴᠠᠭ᠎ᠠ᠎ᠲᠠᠢ᠎ᠪᠠᠷ ᠬᠢᠨᠠᠨ ᠪᠠᠶ᠋ᠢᠴᠠᠭ᠋ᠠᠵᠤ ᠬᠢᠨᠠᠯᠲᠠ ᠲᠠᠯᠪᠢᠵᠤ᠂ ᠠᠵᠢᠯ᠎ᠤᠨ ᠪᠦᠲᠦᠮᠵᠢ ᠵᠢ ᠬᠢᠨᠠᠨ ᠰᠢᠯᠭ᠋ᠠᠬᠤ᠎ᠪᠠᠷ ᠬᠡᠷᠡᠭᠵᠢᠭᠦᠯᠦᠨ᠎ᠡ᠃

 

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ