ᠰᠣᠨᠢᠨ ᠮᠡᠳᠡᠭᠡ   -   ᠰᠤᠷᠪᠤᠯᠵᠢᠯᠠᠭ᠎ᠠ

《ᠬᠣᠶᠠᠷ᠎ᠢ ᠬᠠᠰᠤᠬᠤ》᠎ᠨᠢ ᠰᠤᠷᠤᠯᠴᠠᠯᠭ᠎ᠠ ᠵᠢ ᠨᠠᠩ ᠪᠠᠶᠠᠷ ᠬᠥᠷ᠎ᠲᠠᠢ ᠪᠣᠯᠭ᠋ᠠᠵᠠᠢ

ᠨᠡᠶ᠋ᠢᠲᠡᠯᠡᠭᠰᠡᠨ ᠴᠠᠭ᠄   2021-12-10

      ᠣᠶ᠋ᠢᠷ᠎ᠠ᠎ᠳᠤ᠂ ᠰᠤᠷᠪᠤᠯᠵᠢᠯᠠᠭᠴᠢ ᠳ᠋ᠸᠩᠺᠸᠦ ᠰᠢᠶᠠᠨ᠎ᠤ ᠲᠤᠷᠰᠢᠯᠲᠠ ᠵᠢᠨ ᠪᠠᠭ᠎ᠠ ᠰᠤᠷᠭ᠋ᠠᠭᠤᠯᠢ᠎ᠳᠤ ᠬᠦᠷᠴᠦ᠂ ᠰᠤᠷᠤᠭᠴᠢᠳ᠎ᠤᠨ ᠰᠤᠷᠤᠯᠭ᠎ᠠ᠎ᠳᠤ ᠶᠠᠮᠠᠷ ᠬᠤᠪᠢᠷᠠᠯᠲᠠ ᠭᠠᠷᠤᠭᠰᠠᠨ᠂ ᠬᠢᠴᠢᠶᠡᠯ᠎ᠤᠨ ᠳᠠᠷᠠᠭ᠋ᠠᠬᠢ  ᠦᠢ᠍ᠯᠡᠴᠢᠯᠡᠭᠡ ᠵᠢ ᠬᠡᠷᠬᠢᠨ ᠥᠷᠨᠢᠭᠦᠯᠵᠦ ᠪᠠᠶ᠋ᠢᠭ᠎ᠠ ᠵᠢ ᠦᠵᠡᠪᠡ᠃
      ᠭᠠᠷᠠᠭ᠎ᠤᠨ ᠭᠤᠷᠪᠠᠨ᠎ᠤ ᠦᠳᠡ ᠵᠢᠨ ᠬᠣᠢ᠌ᠨ᠎ᠠ ᠵᠢᠨ ᠲᠠᠪᠤᠨ ᠴᠠᠭ᠎ᠲᠤ ᠲᠤᠷᠰᠢᠯᠲᠠ ᠵᠢᠨ ᠪᠠᠭ᠎ᠠ ᠰᠤᠷᠭ᠋ᠠᠭᠤᠯᠢ ᠨᠢᠭᠡᠨᠲᠡ ᠰᠤᠷᠭ᠋ᠠᠭᠤᠯᠢ ᠲᠠᠷᠬᠠᠪᠠ᠃ ᠰᠤᠷᠭ᠋ᠠᠭᠤᠯᠢ ᠵᠢᠨ ᠬᠦᠷᠢᠶᠡᠨ᠎ᠳᠤ ᠪᠠᠶᠠᠷ ᠬᠥᠷ᠎ᠲᠠᠢ ᠪᠠᠶ᠋ᠢᠳᠠᠯ ᠢᠯᠡᠷᠡᠵᠦ ᠪᠠᠶ᠋ᠢᠨ᠎ᠠ᠄ ᠲᠠᠮᠢᠷ᠎ᠤᠨ ᠣᠷᠳᠣᠨ᠎ᠳᠤ᠂᠎ᠲᠠᠢ ᠴᠢᠤᠸᠠᠨ ᠳ᠋ᠤᠤ ᠨᠡᠶ᠋ᠢᠭᠡᠮᠯᠢᠭ᠎ᠨᠢ ᠲᠠᠮᠢᠷ᠎ᠤᠨ ᠪᠠᠭᠰᠢ ᠵᠢᠨ ᠵᠣᠬᠢᠶᠠᠨ ᠪᠠᠶ᠋ᠢᠭᠤᠯᠤᠯᠲᠠ᠎ᠪᠠᠷ ᠬᠠᠪᠲᠠᠰᠤ ᠢᠰᠬᠦᠯᠬᠦ ᠪᠣᠯᠪᠠᠰᠤᠷᠠᠯ ᠬᠢᠵᠦ ᠪᠠᠶ᠋ᠢᠨ᠎ᠠ᠂ ᠰᠣᠩᠭᠣᠳᠠᠭ ᠤᠷᠠᠨ ᠤᠩᠰᠢᠯᠭ᠎ᠠ ᠵᠢᠨ ᠨᠡᠶ᠋ᠢᠭᠡᠮᠯᠢᠭ᠎ᠤᠨ ᠰᠤᠷᠤᠭᠴᠢᠳ ᠳᠠᠭᠤᠤ ᠬᠥᠭᠵᠢᠮ ᠰᠣᠨᠣᠰᠴᠤ ᠪᠢᠳᠡᠨ᠎ᠢ ᠰᠢᠭᠦᠮᠵᠢᠯᠡᠯ ᠥᠭᠦᠯᠡᠯ᠎ᠤᠨ ᠶᠢᠷᠲᠢᠨᠴᠦ᠎ᠳᠤ ᠳᠠᠭ᠋ᠠᠭᠤᠯᠤᠨ ᠣᠷᠣᠵᠤ᠂ ᠺᠦᠩᠽᠢ ᠪᠣᠯᠤᠨ ᠲᠡᠭᠦᠨ᠎ᠤ ᠰᠤᠷᠤᠭᠴᠢᠳ᠎ᠤᠨ ᠦᠭᠡ ᠶᠠᠷᠢᠶ᠎ᠠ ᠦᠢ᠍ᠯᠡ ᠠᠵᠢᠯᠯᠠᠭ᠎ᠠ᠎ᠨᠤᠭᠤᠳ᠎ᠢ ᠠᠮᠲᠠᠲᠠᠢ᠌ᠬᠠᠨ ᠤᠩᠰᠢᠵᠤ ᠪᠤᠢ᠃ ᠡᠯ᠎ᠡ ᠴᠢᠳᠠᠮᠵᠢᠳᠦ ᠬᠢᠴᠢᠶᠡᠯ᠎ᠤᠨ ᠭᠡᠷ᠎ᠲᠤ᠂ ᠢᠷᠠᠭᠤ ᠰᠠᠶ᠋ᠢᠬᠠᠨ ᠮᠤᠷᠢᠨ ᠬᠤᠭᠤᠷ᠂ ᠰᠦᠷ ᠵᠢᠪᠬᠤᠯᠠᠩᠲᠠᠢ ᠵᠢᠶᠠᠽᠢ ᠬᠡᠩᠭᠡᠷᠭᠡ᠂ ᠨᠠᠷᠢᠯᠢᠭ ᠰᠠᠶ᠋ᠢᠬᠠᠨ ᠪᠦᠲᠦᠭᠡᠯᠴᠢ ᠭᠠᠷ ᠤᠷᠠᠯᠠᠯ᠂ ᠢᠷᠠᠭᠤ ᠰᠠᠶ᠋ᠢᠬᠠᠨ ᠬᠣᠣᠰᠯᠠᠯ ᠬᠥᠭᠵᠢᠮ᠎ᠤᠨ ᠲᠣᠭᠯᠠᠯᠲᠠ ᠁ ᠭᠠᠵᠠᠷ ᠪᠣᠯᠭ᠋ᠠᠨ᠎ᠳᠤ ᠤᠷᠠᠯᠢᠭ᠎ᠤᠨ ᠠᠭᠤᠷ ᠠᠮᠢᠰᠬᠤᠯ ᠵᠶ᠋ᠠᠷ ᠪᠢᠯᠬᠠᠵᠤ᠂ ᠬᠡᠦᠬᠡᠳ᠎ᠤᠳ ᠪᠠᠭᠰᠢ ᠵᠢᠨ ᠵᠶ᠋ᠠᠨ ᠵᠢᠭ᠋ᠠᠨ ᠵᠢᠯᠤᠭᠤᠳᠤᠯᠭ᠎ᠠ᠎ᠪᠠᠷ᠂ ᠤᠷᠠᠯᠢᠭ᠎ᠤᠨ ᠭᠤᠸ᠎ᠠ ᠰᠠᠶ᠋ᠢᠬᠠᠨ᠎ᠢ ᠪᠦᠬᠦ ᠠᠩᠬᠠᠷᠤᠯ ᠵᠶ᠋ᠠᠨ ᠲᠥᠪᠯᠡᠷᠡᠭᠦᠯᠦᠨ ᠪᠡᠶᠡᠴᠢᠯᠡᠨ ᠣᠶ᠋ᠢᠯᠠᠭ᠋ᠠᠵᠤ ᠪᠠᠶ᠋ᠢᠯ᠎ᠠ᠃
      ᠲᠤᠷᠰᠢᠯᠲᠠ ᠵᠢᠨ ᠪᠠᠭ᠎ᠠ ᠰᠤᠷᠭ᠋ᠠᠭᠤᠯᠢ ᠵᠢᠨ ᠭᠤᠷᠪᠠ ᠭᠤᠷᠪᠠᠳᠤᠭ᠋ᠠᠷ ᠠᠩᠭᠢ ᠵᠢᠨ ᠱ᠌ᠢ ᠰᠢ ᠸᠸᠨ᠄
      《〈ᠬᠣᠶᠠᠷ᠎ᠢ ᠬᠠᠰᠤᠬᠤ〉 ᠲᠥᠷᠥ ᠵᠢᠨ ᠪᠣᠳᠣᠯᠭ᠎ᠠ ᠵᠢ ᠬᠡᠷᠡᠭᠵᠢᠭᠦᠯᠦᠭᠰᠡᠨ᠎ᠠᠴᠠ ᠨᠠᠰᠢ ᠰᠤᠷᠤᠭᠴᠢᠳ ᠴᠥᠮ ᠮᠠᠰᠢ ᠪᠠᠶᠠᠷ ᠬᠥᠷ᠎ᠲᠠᠢ ᠪᠣᠯᠵᠤ᠂ ᠳᠠᠰᠬᠠᠯ ᠵᠶ᠋ᠠᠨ ᠰᠤᠷᠭ᠋ᠠᠭᠤᠯᠢ᠎ᠳᠤ ᠴᠥᠮ ᠬᠢᠵᠦ ᠳᠠᠭᠤᠰᠬᠠᠭ᠋ᠠᠳ᠂ ᠬᠢᠴᠢᠶᠡᠯ᠎ᠤᠨ ᠳᠠᠷᠠᠭ᠋ᠠᠬᠢ ᠦᠢ᠍ᠯᠡᠴᠢᠯᠡᠭᠡᠨ᠎ᠤ ᠬᠢᠴᠢᠶᠡᠯ᠎ᠤᠨ ᠲᠠᠩᠬᠢᠮ ᠴᠤ᠌ ᠮᠠᠰᠢ ᠰᠣᠨᠢᠷᠬᠠᠯᠲᠠᠶ ᠪᠣᠯᠵᠤ᠂ ᠪᠢᠳᠡ ᠰᠤᠷᠭ᠋ᠠᠭᠤᠯᠢ᠎ᠳᠤ ᠪᠠᠶ᠋ᠢᠬᠤ᠎ᠳᠠᠭᠠᠨ ᠥᠪᠡᠷ᠎ᠤᠨ ᠳᠤᠷᠠᠲᠠᠶ ᠠᠵᠢᠯᠯᠠᠭ᠎ᠠ᠎ᠳᠠᠭᠠᠨ ᠣᠷᠣᠯᠴᠠᠵᠤ ᠪᠣᠯᠤᠨ᠎ᠠ》 ᠭᠡᠪᠡ᠃
      ᠳ᠋ᠸᠩᠺᠸᠦ ᠰᠢᠶᠠᠨ᠎ᠤ ᠲᠤᠷᠰᠢᠯᠲᠠ ᠵᠢᠨ ᠪᠠᠭ᠎ᠠ ᠰᠤᠷᠭ᠋ᠠᠭᠤᠯᠢ ᠪᠣᠳᠠᠲᠤ ᠪᠠᠶ᠋ᠢᠳᠠᠯ ᠵᠶ᠋ᠠᠨ ᠦᠨᠳᠦᠰᠦᠯᠡᠵᠦ᠂ ᠰᠤᠷᠤᠭᠴᠢᠳ᠎ᠤᠨ ᠭᠣᠣᠯᠯᠠᠬᠤ ᠬᠡᠪ ᠪᠣᠯᠪᠠᠰᠤᠷᠠᠯ ᠪᠠ ᠵᠠᠩᠭᠢᠯᠠᠭ᠎ᠠ ᠵᠢᠨ ᠴᠢᠳᠠᠪᠤᠷᠢ ᠵᠢ ᠬᠥᠮᠦᠵᠢᠭᠦᠯᠬᠦ᠎ᠠᠴᠠ ᠡᠭᠦᠰᠴᠦ᠂ ᠠᠳᠠᠯᠢ ᠪᠤᠰᠤ ᠣᠨ᠎ᠤ ᠰᠣᠷᠣᠭᠴᠢ ᠵᠢᠨ ᠣᠨᠴᠠᠯᠢᠭ᠎ᠢ ᠦᠨᠳᠦᠰᠦᠯᠡᠨ᠂ ᠤᠷᠠᠯᠢᠭ ᠪᠠ ᠭᠤᠸ᠎ᠠ ᠲᠠᠭ᠋ᠠᠰᠢᠶᠠᠯ᠂ ᠪᠡᠶ᠎ᠡ ᠵᠢᠨ ᠲᠠᠮᠢᠷ ᠪᠠ ᠡᠷᠡᠭᠦᠯ ᠮᠡᠨᠳᠦ᠂ ᠰᠢᠨᠵᠢᠯᠡᠬᠦ ᠤᠬᠠᠭ᠋ᠠᠨ ᠮᠡᠷᠭᠡᠵᠢᠯ ᠪᠠ ᠠᠮᠢᠳᠤᠷᠠᠯ᠎ᠳᠤ ᠠᠩᠬᠠᠷᠤᠯ ᠵᠶ᠋ᠠᠨ ᠲᠥᠪᠯᠡᠷᠡᠭᠦᠯᠵᠦ᠂ ᠶᠠᠲᠤᠭ᠎ᠠ ᠵᠢᠨ ᠨᠡᠶ᠋ᠢᠭᠡᠮᠯᠢᠭ᠂ ᠬᠥᠯ ᠪᠥᠮᠪᠥᠭᠡ ᠵᠢᠨ ᠤᠨᠴᠠᠯᠢᠭᠳᠤ ᠬᠢᠴᠢᠶᠡᠯ ᠨᠡᠭᠡᠭᠡᠵᠦ᠂ ᠪᠠᠶᠠᠯᠢᠭ ᠰᠠᠶ᠋ᠢᠬᠠᠨ ᠤᠷᠠᠯᠢᠭ᠎ᠤᠨ ᠨᠡᠶ᠋ᠢᠭᠡᠮᠯᠢᠭ ᠪᠠᠶ᠋ᠢᠭᠤᠯᠵᠤ᠂ ᠰᠤᠷᠤᠭᠴᠢᠳ᠎ᠲᠤ ᠠᠳᠠᠯᠢ ᠪᠤᠰᠤ ᠬᠢᠴᠢᠶᠡᠯ᠎ᠤᠨ ᠠᠭᠤᠯᠭ᠎ᠠ ᠵᠢ ᠠᠯᠢ ᠴᠢᠳᠠᠬᠤ᠎ᠪᠠᠷ ᠢᠯᠡᠭᠦᠬᠡᠨ ᠣᠶ᠋ᠢᠯᠠᠭ᠋ᠠᠭᠤᠯᠵᠤ᠂ ᠰᠤᠷᠤᠭᠴᠢᠳ᠎ᠤᠨ ᠥᠪᠡᠷᠮᠢᠴᠡ ᠳᠠᠯᠳᠠ ᠴᠢᠳᠠᠪᠤᠷᠢ ᠵᠢ ᠭᠦᠢ᠍ᠴᠡᠳ ᠠᠭᠤᠳᠠᠯᠵᠤ᠂ ᠰᠤᠷᠤᠭᠴᠢᠳ᠎ᠤᠨ ᠡᠷᠡᠭᠦᠯ ᠴᠢᠭᠢᠷᠠᠭ ᠪᠠᠶᠠᠷ ᠪᠠᠶᠠᠰᠤᠯ᠎ᠲᠠᠢ ᠦᠰᠦᠨ ᠪᠣᠶ᠋ᠢᠵᠢᠬᠤ ᠵᠢ ᠠᠬᠢᠭᠤᠯᠵᠠᠢ᠃
      ᠲᠤᠷᠰᠢᠯᠲᠠ ᠵᠢᠨ ᠪᠠᠭ᠎ᠠ ᠰᠤᠷᠭ᠋ᠠᠭᠤᠯᠢ ᠵᠢᠨ ᠳᠡᠳ᠋ ᠵᠠᠬᠢᠷᠤᠯ ᠴᠧᠨ ᠸᠸᠨ ᠫᠢᠩ᠄
      《〈ᠬᠣᠶᠠᠷ᠎ᠢ ᠬᠠᠰᠤᠬᠤ〉 ᠲᠦᠷᠦ ᠵᠢᠨ ᠪᠤᠳᠤᠯᠭ᠎ᠠ ᠵᠢ ᠪᠣᠳᠠᠲᠠᠢ᠎ᠳᠤ ᠨᠠᠶ᠋ᠢᠳᠠᠪᠤᠷᠢᠵᠢᠭᠤᠯᠤᠨ ᠬᠡᠷᠡᠭᠵᠢᠭᠦᠯᠵᠦ᠂ ᠮᠠᠨ᠎ᠤ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ᠂ ᠳᠠᠰᠬᠠᠯ᠎ᠤᠨ ᠵᠢᠷᠤᠭ ᠲᠥᠯᠥᠪᠯᠡᠭᠡ ᠵᠢᠴᠢ ᠰᠤᠷᠤᠭᠴᠢᠳ᠎ᠤᠨ ᠰᠤᠷᠤᠯᠭ᠎ᠠ ᠵᠢᠨ ᠬᠢᠷᠢ ᠲᠦᠪᠰᠢᠨ᠎ᠤ ᠬᠢᠨᠠᠯᠲᠠ ᠪᠠᠶ᠋ᠢᠴᠠᠭ᠋ᠠᠯᠲᠠ᠎ᠳᠤ ᠨᠡᠩ ᠥᠨᠳᠥᠷ ᠰᠢᠨ᠎ᠡ ᠱᠠᠭ᠋ᠠᠷᠳᠠᠯᠭ᠎ᠠ ᠳᠤᠷᠠᠳᠴᠠᠢ᠃ ᠮᠠᠨ᠎ᠤ ᠰᠤᠷᠭ᠋ᠠᠭᠤᠯᠢ ᠳᠡᠭᠡᠳᠦ ᠱᠠᠲᠤᠨ᠎ᠤ ᠰᠤᠷᠭ᠋ᠠᠨ ᠬᠥᠮᠦᠵᠢᠯ᠎ᠤᠨ ᠭᠣᠣᠯᠯᠠᠨ ᠬᠠᠮᠢᠶᠠᠷᠬᠤ ᠰᠠᠯᠠᠭ᠎ᠠ ᠮᠥᠴᠢᠷ᠎ᠤᠨ ᠵᠢᠯᠣᠭᠣᠳᠣᠯᠭ᠎ᠠ ᠳᠣᠣᠷ᠎ᠠ᠂ ᠶᠣᠰᠣ ᠰᠤᠷᠲᠠᠬᠤᠨ᠎ᠢ ᠪᠤᠶ ᠪᠣᠯᠭ᠋ᠠᠨ ᠬᠥᠮᠦᠨ᠎ᠢ ᠬᠥᠮᠦᠵᠢᠭᠦᠯᠬᠦ ᠦᠨᠳᠦᠰᠦᠨ ᠡᠭᠦᠷᠭᠡ ᠵᠢ ᠨᠠᠷᠢᠨ ᠬᠢᠨᠠᠮᠠᠭ᠋ᠠᠶ ᠨᠠᠶ᠋ᠢᠳᠠᠪᠤᠷᠢᠵᠢᠭᠤᠯᠵᠤ᠂ ᠰᠣᠷᠣᠭᠴᠢ ᠵᠢᠨ ᠦᠨᠳᠦᠰᠦᠨ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ ᠵᠢᠨ ᠵᠠᠭᠪᠤᠷ᠎ᠢ ᠦᠷᠭᠦᠯᠵᠢᠯᠡᠨ ᠰᠤᠳᠤᠯᠤᠨ ᠳᠡᠯᠭᠡᠷᠡᠭᠦᠯᠵᠦ᠂ ᠬᠢᠴᠢᠶᠡᠯ᠎ᠤᠨ ᠲᠠᠩᠬᠢᠮ᠎ᠤᠨ ᠵᠢᠭ᠋ᠠᠨ ᠰᠤᠷᠭ᠋ᠠᠯᠲᠠ ᠵᠢᠨ ᠪᠦᠲᠦᠴᠡ ᠵᠢ ᠰᠢᠨᠵᠢᠯᠡᠬᠦ ᠤᠬᠠᠭ᠋ᠠᠨᠴᠢ᠎ᠪᠠᠷ ᠳᠣᠭᠢᠷᠠᠭᠤᠯᠤᠨ᠂ ᠬᠢᠴᠢᠶᠡᠯ᠎ᠤᠨ ᠳᠣᠲᠣᠨ᠎ᠠ ᠭᠠᠳᠠᠨᠠᠬᠢ ᠳᠠᠰᠬᠠᠯ᠎ᠤᠨ ᠵᠢᠷᠤᠭ ᠲᠥᠯᠥᠪᠯᠡᠭᠡ ᠵᠢ ᠰᠢᠯᠢᠳᠡᠭᠵᠢᠭᠦᠯᠵᠦ᠂ ᠬᠢᠴᠢᠶᠡᠯ᠎ᠤᠨ ᠳᠠᠷᠠᠭ᠋ᠠᠬᠢ ᠦᠢ᠍ᠯᠡᠴᠢᠯᠡᠭᠡᠨ᠎ᠤ ᠠᠭᠤᠯᠭ᠎ᠠ ᠵᠢ ᠪᠠᠶᠠᠯᠢᠭᠵᠢᠭᠤᠯᠤᠨ ᠥᠷᠭᠡᠳᠬᠡᠵᠦ᠂ 〈ᠬᠣᠶᠠᠷ᠎ᠢ ᠬᠠᠰᠤᠬᠤ〉 ᠰᠤᠷᠤᠯᠴᠠᠯᠭ᠎ᠠ ᠵᠢᠨ ᠰᠢᠨ᠎ᠡ ᠠᠮᠢ ᠠᠬᠤᠶ ᠵᠢ ᠴᠢᠷᠮᠠᠶ᠋ᠢᠨ ᠪᠣᠶ ᠪᠣᠯᠭ᠋ᠠᠵᠤ᠂ 〈ᠬᠣᠶᠠᠷ᠎ᠢ ᠬᠠᠰᠤᠬᠤ〉 ᠲᠥᠷᠥ ᠵᠢᠨ ᠪᠣᠳᠣᠯᠭ᠎ᠠ ᠵᠢ ᠦᠨᠡᠨ ᠬᠦ᠌ ᠰᠣᠷᠣᠭᠴᠢ ᠵᠢᠨ ᠰᠤᠷᠤᠯᠴᠠᠯᠭ᠎ᠠ ᠵᠢᠨ ᠦᠷ᠎ᠡ ᠪᠦᠲᠦᠮᠵᠢ ᠵᠢ ᠳᠡᠭᠡᠭᠰᠢᠯᠡᠭᠦᠯᠬᠦ ᠬᠥᠳᠡᠯᠭᠡᠭᠦᠷ ᠪᠠ ᠰᠤᠷᠭ᠋ᠠᠭᠤᠯᠢ ᠵᠢᠨ ᠳᠣᠲᠣᠭ᠋ᠠᠳᠤ ᠵᠢᠨ ᠰᠣᠷᠣᠭᠴᠢ ᠵᠢᠨ ᠬᠥᠭᠵᠢᠯᠲᠡ ᠵᠢ ᠠᠬᠢᠭᠤᠯᠬᠤ ᠪᠦᠲᠦᠮᠵᠢᠲᠡᠶ ᠠᠷᠭ᠎ᠠ ᠵᠠᠮ ᠪᠣᠯᠭ᠋ᠠᠨ᠎ᠠ》 ᠭᠡᠵᠡᠶ᠃
      《ᠬᠣᠶᠠᠷ᠎ᠢ ᠬᠠᠰᠤᠬᠤ》 ᠲᠥᠷᠥ ᠵᠢᠨ ᠪᠣᠳᠣᠯᠭ᠎ᠠ ᠵᠢ ᠴᠢᠩᠭ᠎ᠠ ᠨᠠᠶ᠋ᠢᠳᠠᠪᠤᠷᠢᠵᠢᠭᠤᠯᠬᠤ ᠵᠢᠨ ᠲᠥᠯᠥᠭᠡ᠂  ᠳ᠋ᠸᠩᠺᠸᠦ ᠰᠢᠶᠠᠨ᠎ᠤ ᠲᠤᠷᠰᠢᠯᠲᠠ ᠵᠢᠨ ᠪᠠᠭ᠎ᠠ ᠰᠤᠷᠭ᠋ᠠᠭᠤᠯᠢ ᠵᠢᠨ᠎ᠬᠢᠨ ᠰᠣᠷᠣᠭᠴᠢ ᠵᠢᠨ ᠳᠠᠰᠬᠠᠯ᠎ᠤᠨ ᠬᠠᠮᠢᠶᠠᠷᠤᠯᠲᠠ ᠵᠢ ᠴᠢᠩᠭ᠎ᠠ ᠠᠳᠬᠤᠵᠤ᠂ ᠣᠯᠠᠩᠬᠢ ᠰᠣᠷᠣᠭᠴᠢ ᠵᠢᠨ ᠳᠠᠰᠬᠠᠯ ᠵᠶ᠋ᠠᠨ ᠪᠡᠶᠡᠯᠡᠭᠦᠯᠬᠦ᠎ᠳᠤ ᠴᠠᠭ ᠬᠡᠷᠡᠭᠰᠡᠬᠦ ᠵᠢ ᠤᠷᠢᠳᠴᠢᠯᠠᠨ ᠵᠢᠱ᠌ᠢᠵᠦ᠂ ᠳᠠᠰᠬᠠᠯ᠎ᠤᠨ ᠬᠡᠮᠵᠢᠶ᠎ᠡ ᠵᠢ ᠬᠢᠵᠠᠭ᠋ᠠᠷᠯᠠᠨ᠂ ᠰᠣᠷᠣᠭᠴᠢ ᠵᠢᠨ ᠲᠣᠭᠲᠠᠭᠰᠠᠨ ᠴᠠᠭ᠎ᠤᠨ ᠳᠣᠲᠣᠷ᠎ᠠ ᠳᠠᠰᠬᠠᠯ ᠵᠶ᠋ᠠᠨ ᠪᠡᠶᠡᠯᠡᠭᠦᠯᠬᠦ ᠵᠢ ᠦᠨᠡᠨ ᠬᠦ᠌ ᠪᠠᠲᠤᠯᠠᠪᠠ᠃ ᠡᠨᠡ᠎ᠨᠢ ᠰᠤᠷᠤᠭᠴᠢᠳ᠎ᠤᠨ ᠬᠢᠴᠢᠶᠡᠯ ᠰᠤᠷᠤᠯᠭ᠎ᠠ ᠵᠢᠨ ᠳᠠᠷᠤᠭ᠋ᠠᠰᠤ ᠵᠢ ᠬᠥᠩᠭᠡᠯᠡᠭᠰᠡᠨ ᠵᠶ᠋ᠠᠷ ᠪᠠᠷᠠᠬᠤ ᠥᠬᠡᠶ᠂ ᠪᠠᠰᠠ ᠰᠤᠷᠤᠭᠴᠢᠳ᠎ᠤᠨ ᠰᠤᠷᠤᠯᠴᠠᠬᠤ ᠤᠷᠮ᠎ᠠ ᠪᠠᠬ᠎ᠠ ᠵᠢ ᠨᠡᠮᠡᠭᠳᠡᠭᠦᠯᠵᠦ᠂ ᠬᠢᠴᠢᠶᠡᠯ᠎ᠤᠨ ᠲᠠᠩᠬᠢᠮ᠎ᠢ ᠨᠠᠩ ᠲᠠᠲᠠᠬᠤ ᠬᠦᠴᠦᠨ᠎ᠲᠠᠢ ᠪᠣᠯᠭ᠋ᠠᠵᠤ᠂ ᠰᠤᠷᠤᠯᠭ᠎ᠠ ᠵᠢ ᠨᠠᠩ ᠦᠷ᠎ᠡ ᠪᠦᠲᠦᠮᠵᠢ᠎ᠲᠠᠢ ᠪᠣᠯᠭ᠋ᠠᠵᠠᠶ᠃
      ᠲᠤᠷᠰᠢᠯᠲᠠ ᠵᠢᠨ ᠪᠠᠭ᠎ᠠ ᠰᠤᠷᠭ᠋ᠠᠭᠤᠯᠢ ᠵᠢᠨ ᠵᠢᠷᠭᠤᠳᠤᠭ᠋ᠠᠷ ᠣᠨ᠎ᠤ ᠬᠣᠶᠠᠳᠤᠭ᠋ᠠᠷ ᠠᠩᠭᠢ ᠵᠢᠨ ᠯᠢ ᠰᠢᠶᠤᠤ ᠿᠠᠨ᠄
      《ᠰᠤᠷᠭ᠋ᠠᠭᠤᠯᠢ᠎ᠳᠤ᠂ ᠪᠢ ᠤᠷᠠᠨ ᠤᠩᠰᠢᠯᠭ᠎ᠠ ᠵᠢᠨ ᠨᠡᠶ᠋ᠢᠭᠡᠮᠯᠢᠭ᠎ᠲᠤ ᠣᠷᠣᠯᠴᠠᠪᠠ᠂ ᠰᠦᠨ ᠪᠠᠭᠰᠢ ᠪᠢᠳᠡᠨ᠎ᠢ ᠳᠠᠭ᠋ᠠᠭᠤᠯᠤᠨ ᠬᠤᠪᠢᠰᠬᠠᠯᠲᠤ ᠰᠢᠯᠦᠭ ᠳᠠᠭᠤᠯᠠᠯ᠎ᠳᠤ ᠣᠷᠣᠵᠤ᠂ ᠰᠣᠩᠭᠣᠳᠠᠭ ᠰᠣᠶᠣᠯ᠎ᠤᠨ ᠷᠢᠳᠢ ᠰᠢᠳᠢ ᠵᠢ ᠮᠡᠳᠡᠷᠡᠭᠦᠯᠪᠡ᠃ ᠰᠤᠷᠭ᠋ᠠᠭᠤᠯᠢ ᠲᠠᠷᠬᠠᠭᠰᠠᠨ᠎ᠤ ᠲᠠᠷᠠᠭ᠎ᠠ ᠪᠠ ᠭᠠᠷᠠᠭ᠎ᠤᠨ ᠰᠡᠭᠦᠯᠴᠢ ᠵᠢᠨ ᠴᠠᠭ᠎ᠲᠤ ᠪᠢ ᠰᠤᠷᠭ᠋ᠠᠭᠤᠯᠢ ᠵᠢᠨ ᠭᠠᠳᠠᠨᠠᠬᠢ ᠬᠢᠴᠢᠶᠡᠯ᠎ᠤᠨ ᠳᠠᠷᠠᠭ᠋ᠠᠬᠢ ᠪᠣᠯᠪᠠᠰᠤᠷᠠᠯ᠎ᠳᠤ ᠣᠷᠣᠯᠴᠠᠬᠤ ᠬᠡᠷᠡᠭ ᠦᠭᠡᠢ᠂ ᠤᠤᠯ᠎ᠨᠢ ᠰᠤᠷᠭ᠋ᠠᠭᠤᠯᠢ ᠵᠢᠨ ᠭᠠᠳᠠᠨᠠᠬᠢ ᠬᠢᠴᠢᠶᠡᠯ᠎ᠤᠨ ᠳᠠᠷᠠᠭ᠋ᠠᠬᠢ ᠪᠣᠯᠪᠠᠰᠤᠷᠠᠯ᠎ᠳᠤ ᠣᠷᠣᠯᠴᠠᠬᠤ ᠴᠠᠭ ᠵᠶ᠋ᠠᠨ ᠰᠤᠯᠠᠯᠠᠵᠤ ᠭᠠᠷᠭ᠋ᠠᠭᠰᠠᠨ ᠶᠤᠮ᠂ ᠤᠳᠤ ᠪᠢ ᠨᠣᠮ ᠤᠩᠰᠢᠬᠤ᠂ ᠲᠡᠭᠦᠯᠳᠡᠷ ᠬᠤᠭᠤᠷ ᠳᠠᠷᠤᠬᠤ᠂ ᠤᠷᠠᠨ ᠪᠢᠴᠢᠯᠭᠡ ᠪᠣᠯᠪᠠᠰᠤᠷᠠᠬᠤ᠂ ᠪᠡᠶ᠎ᠡ ᠪᠣᠯᠪᠠᠰᠤᠷᠠᠬᠤ ᠪᠠ ᠠᠮᠠᠷᠠᠬᠤ ᠨᠡᠩ ᠤᠯᠠᠨ ᠴᠠᠭ᠎ᠲᠠᠢ ᠪᠣᠯᠵᠠᠶ᠃ 〈ᠬᠣᠶᠠᠷ᠎ᠢ ᠬᠠᠰᠤᠬᠤ〉᠎ᠨᠢ ᠨᠠᠳᠠ᠎ᠳᠤ ᠨᠢᠭᠡᠨ ᠪᠠᠶᠠᠷ ᠪᠠᠶᠠᠰᠬᠤᠯᠠᠩ᠎ᠲᠠᠢ ᠪᠠᠭ᠎ᠠ ᠨᠠᠰᠤ ᠵᠢ ᠣᠯᠭᠣᠨ᠎ᠠ ᠪᠠᠢ᠌ᠨ᠎ᠠ》 ᠭᠡᠪᠡ᠃
   
   
   
   

ᠢᠷᠡᠯᠲᠡ᠄ ᠲᠤᠰ ᠰᠦᠯᠵᠢᠶ᠎ᠡ