ᠰᠣᠨᠢᠨ ᠮᠡᠳᠡᠭᠡ   -   ᠰᠤᠷᠪᠤᠯᠵᠢᠯᠠᠭ᠎ᠠ

ᠥᠪᠥᠷ ᠮᠣᠩᠭᠤᠯ᠎ᠤᠨ ᠡᠷᠳᠡᠨᠢ ᠰᠢᠰᠢ ᠰᠢᠷ᠎ᠠ ᠪᠤᠷᠴᠠᠭ ᠪᠣᠭᠤᠳᠠᠶ ᠵᠢᠨ ᠦᠨ᠎ᠡ ᠥᠰᠪᠡ

ᠨᠡᠶ᠋ᠢᠲᠡᠯᠡᠭᠰᠡᠨ ᠴᠠᠭ᠄   2021-04-28

      ᠰᠤᠷᠪᠤᠯᠵᠢᠯᠠᠭᠴᠢ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠬᠥᠭᠵᠢᠭᠦᠯᠦᠯᠲᠡ ᠪᠠ ᠥᠭᠡᠷᠡᠴᠢᠯᠡᠯᠲᠡ ᠵᠢᠨ ᠵᠥᠪᠯᠡᠯ᠎ᠤᠨ ᠦᠨ᠎ᠡ ᠬᠠᠩᠰᠢ ᠵᠢ ᠬᠢᠨᠠᠨ ᠬᠡᠮᠵᠢᠬᠦ ᠲᠥᠪ᠎ᠠᠴᠠ ᠣᠶ᠋ᠢᠯᠠᠭ᠋ᠠᠭᠰᠠᠨ ᠵᠶ᠋ᠠᠷ᠂ 3 ᠳ᠋ᠤᠭ᠋ᠠᠷ ᠰᠠᠷ᠎ᠠ᠎ᠳᠤ᠂ ᠪᠥᠬᠦ ᠣᠷᠣᠨ᠎ᠤ ᠡᠷᠳᠡᠨᠢ ᠰᠢᠰᠢ᠂ ᠰᠢᠷ᠎ᠠ ᠪᠤᠷᠴᠠᠭ᠎ᠤᠨ ᠬᠤᠳᠠᠯᠳᠤᠨ ᠠᠪᠬᠤ ᠦᠨ᠎ᠡ ᠥᠰᠴᠦ᠂ ᠪᠣᠭᠤᠳᠠᠶ ᠵᠢᠨ ᠦᠨ᠎ᠡ ᠲᠣᠭᠲᠠᠭᠤᠨ ᠪᠠᠶ᠋ᠢᠵᠤ᠂ ᠭᠤᠤᠯ ᠪᠣᠯᠬᠤ ᠴᠠᠶ᠋ᠢᠯᠭ᠋ᠠᠭᠰᠠᠨ ᠠᠮᠤ ᠵᠢᠨ ᠦᠨ᠎ᠡ ᠵᠢᠭ᠋ᠠᠬᠠᠨ ᠦᠰᠴᠡᠢ᠃ ᠨᠢᠳᠤᠨᠤᠨ᠎ᠤ ᠠᠳᠠᠯᠢ ᠬᠤᠭᠤᠴᠠᠭ᠎ᠠ᠎ᠲᠠᠢ ᠬᠠᠷᠢᠴᠠᠭᠤᠯᠪᠠᠯ᠂ ᠬᠠᠷ᠎ᠠ ᠪᠤᠳᠠᠭ᠎ᠠ ᠵᠢᠨ ᠬᠤᠳᠠᠯᠳᠤᠨ ᠠᠪᠬᠤ ᠦᠨ᠎ᠡ᠂ ᠴᠠᠶ᠋ᠢᠯᠭ᠋ᠠᠭᠰᠠᠨ ᠠᠮᠤ ᠵᠢᠨ ᠰᠤᠯᠠ᠎ᠪᠠᠷ ᠬᠤᠳᠠᠯᠳᠤᠬᠤ ᠦᠨ᠎ᠡ ᠴᠥᠮ ᠥᠰᠴᠡᠶ᠃
      3 ᠳ᠋ᠤᠭ᠋ᠠᠷ ᠰᠠᠷ᠎ᠠ᠎ᠳᠤ᠂ ᠪᠥᠬᠦ ᠣᠷᠣᠨ᠎ᠤ ᠠᠮᠤ ᠪᠤᠳᠠᠭ᠋ᠠᠨ᠎ᠤ ᠭᠤᠤᠯ ᠭᠠᠷᠤᠯᠲᠠ ᠵᠢᠨ ᠣᠷᠣᠨ᠎ᠤ ᠪᠣᠭᠤᠳᠠᠶ᠂ ᠡᠷᠳᠡᠨᠢ ᠰᠢᠰᠢ᠂ ᠰᠢᠷ᠎ᠠ ᠪᠤᠷᠴᠠᠭ ᠭᠤᠷᠪᠠᠨ ᠵᠦᠢ᠍ᠯ᠎ᠤᠨ ᠠᠮᠤ ᠪᠤᠳᠠᠭ᠎ᠠ ᠵᠢᠨ ᠲᠤᠮᠳᠠᠴᠢ ᠦᠨ᠎ᠡ᠎ᠨᠢ 169 . 53 ᠲᠥᠭᠦᠷᠢᠭ / 50 ᠺᠢᠯᠣᠭ᠌ᠷᠠᠮ ᠪᠠᠶ᠋ᠢᠵᠤ᠂ ᠳᠡᠭᠡᠷ᠎ᠡ ᠰᠠᠷ᠎ᠠ᠎ᠠᠴᠠ᠎ᠪᠠᠨ 2.21%᠎ᠪᠠᠷ ᠥᠰᠴᠦ᠂ ᠳᠡᠭᠡᠷ᠎ᠡ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 30.03%᠎ᠪᠠᠷ ᠥᠰᠴᠡᠶ᠃
      3 ᠳ᠋ᠤᠭ᠋ᠠᠷ ᠰᠠᠷ᠎ᠠ᠎ᠳᠤ᠂ ᠪᠥᠬᠦ ᠣᠷᠣᠨ᠎ᠤ ᠪᠣᠭᠤᠳᠠᠶ ᠵᠢᠨ 50 ᠺᠢᠯᠣᠭ᠌ᠷᠠᠮ ᠪᠦᠷᠢ ᠵᠢᠨ ᠬᠤᠳᠠᠯᠳᠤᠨ ᠠᠪᠬᠤ ᠳᠤᠮᠳᠠᠴᠢ ᠦᠨ᠎ᠡ᠎ᠨᠢ 128.34 ᠲᠥᠭᠦᠷᠢᠭ ᠪᠠᠶ᠋ᠢᠵᠤ᠂ ᠳᠡᠭᠡᠷ᠎ᠡ ᠰᠠᠷ᠎ᠠ ᠵᠢᠨ ᠦᠨ᠎ᠡ ᠬᠠᠩᠰᠢ᠎ᠲᠠᠢ ᠲᠡᠩᠴᠡᠵᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 3.8%᠎ᠪᠠᠷ ᠥᠰᠴᠡᠶ᠃ ᠡᠭᠦᠨ᠎ᠳᠤ᠂ ᠪᠠᠶᠠᠨᠨᠠᠭᠤᠷ ᠬᠤᠲᠠ ᠵᠢᠨ 3 ᠳ᠋ᠤᠭ᠋ᠠᠷ ᠰᠠᠷ᠎ᠠ ᠵᠢᠨ 50 ᠺᠢᠯᠣᠭ᠌ᠷᠠᠮ ᠪᠣᠭᠤᠳᠠᠶ ᠵᠢᠨ ᠬᠤᠳᠠᠯᠳᠤᠨ ᠠᠪᠬᠤ ᠦᠨ᠎ᠡ᠎ᠨᠢ 165 ᠲᠥᠭᠦᠷᠢᠭ ᠪᠠᠶ᠋ᠢᠵᠤ᠂ ᠳᠡᠭᠡᠷ᠎ᠡ ᠰᠠᠷ᠎ᠠ ᠵᠢᠨ ᠦᠨ᠎ᠡ ᠬᠠᠩᠰᠢ᠎ᠲᠠᠢ ᠲᠡᠩᠴᠡᠵᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 1.23%᠎ᠪᠠᠷ ᠥᠰᠴᠡᠶ᠃ ᠬᠠᠶ᠋ᠢᠯᠠᠷ ᠲᠣᠭᠤᠷᠢᠭ᠎ᠤᠨ ᠤᠯᠠᠭ᠋ᠠᠨ ᠪᠤᠭᠤᠳᠠᠢ ᠵᠢᠨ ᠬᠤᠳᠠᠯᠳᠤᠨ ᠠᠪᠬᠤ ᠦᠨ᠎ᠡ᠎ᠨᠢ 120 ᠲᠥᠭᠦᠷᠢᠭ / 50 ᠺᠢᠯᠣᠭ᠌ᠷᠠᠮ ᠪᠠᠶ᠋ᠢᠵᠤ᠂ ᠳᠡᠭᠡᠷ᠎ᠡ ᠰᠠᠷ᠎ᠠ ᠵᠢᠨ ᠦᠨ᠎ᠡ᠎ᠲᠠᠢ ᠲᠡᠩᠴᠡᠵᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ᠎ᠬᠢ᠎ᠠᠴᠠ 14.29 %᠎ᠪᠠᠷ ᠦᠰᠪᠡ᠃
      3 ᠳ᠋ᠤᠭ᠋ᠠᠷ ᠰᠠᠷ᠎ᠠ᠎ᠳᠤ᠂ ᠪᠥᠬᠦ ᠣᠷᠣᠨ᠎ᠤ ᠪᠠᠷᠢᠮᠵᠢᠶᠠᠳᠤ ᠡᠷᠳᠡᠨᠢ ᠰᠢᠰᠢ ᠵᠢᠨ ᠬᠤᠳᠠᠯᠳᠤᠨ ᠠᠪᠬᠤ ᠳᠤᠮᠳᠠᠴᠢ ᠦᠨ᠎ᠡ᠎ᠨᠢ 119.43 ᠲᠥᠭᠦᠷᠢᠭ / 50 ᠺᠢᠯᠣᠭ᠌ᠷᠠᠮ ᠪᠠᠶ᠋ᠢᠵᠤ᠂ ᠳᠡᠭᠡᠷ᠎ᠡ ᠰᠠᠷ᠎ᠠ ᠵᠢᠨ ᠦᠨ᠎ᠡ ᠬᠠᠩᠰᠢ᠎ᠠᠴᠠ 4.54 %᠎ᠪᠠᠷ ᠥᠰᠴᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ ᠦᠨ᠎ᠡ ᠬᠠᠩᠰᠢ᠎ᠠᠴᠠ 36. 48 %᠎ᠪᠠᠷ ᠥᠰᠴᠡᠶ᠃ ᠡᠭᠦᠨ᠎ᠳᠤ᠂ 3 ᠳ᠋ᠤᠭ᠋ᠠᠷ ᠰᠠᠷ᠎ᠠ᠎ᠳᠤ ᠲᠦᠩᠯᠢᠶᠣᠤ ᠬᠤᠲᠠ ᠵᠢᠨ ᠪᠠᠷᠢᠮᠵᠢᠶᠠᠲᠤ ᠡᠷᠳᠡᠨᠢ ᠰᠢᠰᠢ ᠵᠢᠨ ᠬᠤᠳᠠᠯᠳᠤᠨ ᠠᠪᠬᠤ ᠦᠨ᠎ᠡ 115. 74 ᠲᠥᠭᠦᠷᠢᠭ / 50 ᠺᠢᠯᠣᠭ᠌ᠷᠠᠮ ᠪᠠᠶ᠋ᠢᠵᠤ᠂ ᠲᠦᠷᠦᠭᠦᠦ ᠰᠠᠷ᠎ᠠ ᠵᠢᠨ ᠦᠨ᠎ᠡ᠎ᠠᠴᠠ 9 . 36 %᠎ᠪᠠᠷ ᠥᠰᠴᠦ᠂ ᠨᠢᠳᠤᠨᠤᠨ᠎ᠤ ᠠᠳᠠᠯᠢ ᠬᠤᠭᠤᠴᠠᠭ᠋ᠠᠨ᠎ᠤ ᠦᠨ᠎ᠡ᠎ᠠᠴᠠ 29 . 39 %᠎ᠪᠠᠷ ᠥᠰᠴᠡᠶ᠃


 

ᠢᠷᠡᠯᠲᠡ᠄ ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ ᠵᠢᠨ ᠰᠦᠯᠵᠢᠶ᠎ᠠ