ᠰᠣᠨᠢᠨ ᠮᠡᠳᠡᠭᠡ   -   ᠲᠤᠰᠬᠠᠢ ᠮᠡᠳᠡᠭᠡᠯᠡᠯ

ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠵᠢᠨ ᠴᠢᠬᠤᠯᠠ ᠴᠢᠨᠠᠷ᠎ᠢ ᠭᠦᠨᠵᠡᠭᠡᠢ ᠣᠢ᠌ᠯᠠᠭ᠋ᠠᠬᠤ ᠬᠡᠷᠡᠭᠲᠡᠢ

ᠨᠡᠶ᠋ᠢᠲᠡᠯᠡᠭᠰᠡᠨ ᠴᠠᠭ᠄   2024-08-22

      ᠲᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠬᠥᠮᠦᠵᠢᠯ ᠦᠢ᠍ᠯᠡᠳᠦᠯᠭᠡ ᠵᠢᠨ ᠠᠵᠢᠯᠯᠠᠭ᠎ᠠ ᠵᠢ ᠭᠦᠨᠵᠡᠭᠡᠢ᠌ᠷᠡᠭᠦᠯᠬᠦ᠎ᠳᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠪᠠᠲᠤ ᠴᠣᠭᠴᠠᠯᠠᠬᠤ ᠲᠡᠦᠬᠡ ᠵᠢᠨ ᠵᠠᠢ᠌ᠯᠠᠰᠢ ᠦᠭᠡᠢ ᠴᠢᠨᠠᠷ᠂ ᠪᠣᠳᠠᠲᠤ ᠠᠬᠤᠢ᠌ᠴᠢ ᠴᠢᠨᠠᠷ ᠪᠣᠯᠣᠨ ᠲᠤᠯᠭ᠋ᠠᠮ ᠴᠢᠨᠠᠷ᠎ᠢ ᠭᠦᠨᠵᠡᠭᠡᠢ ᠶᠠᠷᠢᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠤᠨ ᠠᠭᠤᠯᠬᠤᠨ ᠪᠠ ᠦᠢ᠍ᠯᠡᠳᠦᠯᠭᠡᠵᠢᠬᠦ ᠠᠷᠭ᠎ᠠ ᠵᠠᠮ᠎ᠢ ᠤᠨᠤᠪᠴᠢᠳᠠᠢ ᠲᠠᠢ᠌ᠯᠪᠤᠷᠢᠯᠠᠬᠤ ᠬᠡᠷᠡᠭᠲᠡᠢ᠃

      ᠨᠢᠭᠡ᠎ᠳᠤ᠂ ᠮᠠᠨ᠎ᠤ ᠤᠯᠤᠰ᠎ᠤᠨ ᠡᠯ᠎ᠡ ᠦᠨᠳᠦᠰᠦᠲᠡᠨ᠎ᠨᠦᠭᠦᠳ ᠨᠢᠭᠡᠳᠦᠭᠰᠡᠨ ᠠᠭᠤᠤ ᠶᠡᠬᠡ ᠡᠬᠡ ᠤᠯᠤᠰ᠎ᠢ ᠬᠠᠮᠲᠤ᠎ᠪᠠᠷ ᠴᠣᠭᠴᠠᠯᠠᠨ ᠪᠠᠢ᠌ᠭᠤᠯᠵᠤ ᠬᠥᠭᠵᠢᠭᠦᠯᠵᠦ ᠪᠡᠬᠢᠵᠢᠭᠦᠯᠦᠭᠰᠡᠨ ᠭᠡᠳᠡᠭ᠎ᠢ ᠥᠷᠭᠡᠨ ᠭᠦᠨᠵᠡᠭᠡᠢ ᠤᠬᠠᠭᠤᠯᠤᠨ ᠰᠤᠷᠲᠠᠯᠴᠢᠯᠠᠬᠤ ᠬᠡᠷᠡᠭᠲᠡᠢ᠃ ᠮᠠᠨ᠎ᠤ ᠤᠯᠤᠰ ᠪᠣᠯ ᠤᠯᠠᠨ ᠦᠨᠳᠦᠰᠦᠲᠡᠨ ᠪᠦᠬᠦᠢ ᠨᠢᠭᠡᠳᠦᠭᠰᠡᠨ ᠤᠯᠤᠰ ᠪᠤᠯᠬᠤ ᠡᠨᠡ ᠬᠦ᠌ ᠤᠯᠤᠰ᠎ᠤᠨ ᠦᠨᠳᠦᠰᠦᠨ ᠪᠠᠢ᠌ᠳᠠᠯ᠎ᠢ ᠢᠮᠠᠭᠲᠠ ᠪᠠᠲᠤ ᠴᠡᠭᠡᠵᠢᠯᠡᠵᠦ᠂ ᠦᠨᠳᠦᠰᠦᠲᠡᠨ᠎ᠨᠦᠭᠦᠳ᠎ᠤᠨ ᠤᠯᠠᠨ ᠲᠦᠮᠡᠨ᠂ ᠬᠡᠦᠬᠡᠳ ᠪᠠᠭ᠋ᠠᠴᠤᠳ ᠰᠤᠷᠤᠬ᠍ᠴᠢ ᠣᠶᠤᠲᠠᠨ ᠵᠠᠯᠠᠭᠤᠴᠤᠳ᠎ᠢ ᠬᠥᠲᠥᠯᠥᠨ ᠵᠢᠯᠤᠭᠣᠳᠴᠤ ᠵᠥᠪ ᠤᠯᠤᠰ᠎ᠤᠨ ᠦᠵᠡᠯᠲᠡ᠂ ᠵᠥᠪ ᠦᠨᠳᠦᠰᠦᠲᠡᠨ᠎ᠤ ᠦᠵᠡᠯᠲᠡ᠂ ᠵᠥᠪ ᠰᠣᠶᠣᠯ᠎ᠤᠨ ᠦᠵᠡᠯᠲᠡ᠂ ᠵᠥᠪ ᠲᠡᠦᠬᠡ ᠵᠢᠨ ᠦᠵᠡᠯᠲᠡ ᠵᠢ ᠪᠤᠢ ᠪᠤᠯᠭ᠋ᠠᠵᠤ᠂ ᠦᠨᠳᠦᠰᠦᠲᠡᠨ᠎ᠤ ᠪᠦᠯᠬᠦᠮᠳᠡᠯ ᠪᠠ ᠤᠯᠤᠰ ᠣᠷᠣᠨ᠎ᠤ ᠨᠢᠭᠡᠳᠦᠯ᠎ᠢ ᠬᠠᠮᠠᠭ᠋ᠠᠯᠠᠬᠤ ᠵᠢ ᠡᠯ᠎ᠡ ᠦᠨᠳᠦᠰᠦᠲᠡᠨ᠎ᠤ ᠬᠠᠮᠤᠭ᠎ᠤᠨ ᠳᠡᠭᠡᠳᠦ ᠠᠰᠢᠭ ᠲᠤᠰᠠ ᠪᠤᠯᠭ᠋ᠠᠬᠤ ᠵᠢ ᠪᠠᠷᠢᠮᠲᠠᠯᠠᠪᠠᠯ ᠰᠠᠶᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠳᠠᠰᠤᠷᠠᠯᠳᠠ ᠦᠭᠡᠢ ᠪᠠᠲᠤ ᠴᠣᠭᠴᠠᠯᠠᠵᠤ ᠴᠢᠳᠠᠨ᠎ᠠ᠃ ᠦᠨᠳᠦᠰᠦᠲᠡᠨ᠎ᠨᠦᠭᠦᠳ᠎ᠤᠨ ᠤᠯᠠᠨ ᠲᠦᠮᠡᠨ᠂ ᠬᠡᠦᠬᠡᠳ ᠪᠠᠭ᠋ᠠᠴᠤᠳ ᠰᠤᠷᠤᠬ᠍ᠴᠢ ᠣᠶᠤᠲᠠᠨ ᠵᠠᠯᠠᠭᠤᠴᠤᠳ᠎ᠤᠨ ᠠᠭᠤᠤ ᠶᠡᠬᠡ ᠡᠬᠡ ᠣᠷᠣᠨ᠂ ᠳᠤᠮᠳᠠᠳᠤ ᠵᠢᠨ ᠦᠨᠳᠦᠰᠦᠲᠡᠨ᠂ ᠳᠤᠮᠳᠠᠳᠤ ᠵᠢᠨ ᠰᠣᠶᠣᠯ᠂ ᠳᠤᠮᠳᠠᠳᠤ ᠤᠯᠤᠰ᠎ᠤᠨ ᠡᠪ ᠬᠠᠮᠲᠤ ᠨᠠᠮ᠂ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ᠎ᠤᠨ ᠲᠤᠬᠠᠢ ᠲᠠᠨᠢᠨ ᠮᠡᠳᠡᠷᠡᠬᠦᠢ ᠵᠢ ᠳᠠᠰᠤᠷᠠᠯᠳᠠ ᠦᠭᠡᠢ ᠨᠡᠮᠡᠭᠳᠡᠭᠦᠯᠵᠦ᠂ ᠭᠠᠭᠴᠠ ᠬᠦ᠌ ᠳᠤᠮᠳᠠᠳᠤ ᠤᠯᠤᠰ᠎ᠤᠨ ᠡᠪ ᠬᠠᠮᠲᠤ ᠨᠠᠮ ᠰᠠᠶᠢ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠰᠡᠷᠭᠦᠨ ᠮᠠᠨᠳᠤᠯᠳᠠ ᠵᠢ ᠪᠡᠶᠡᠯᠡᠭᠦᠯᠵᠦ ᠴᠢᠳᠠᠨ᠎ᠠ᠂ ᠭᠠᠭᠴᠠ ᠬᠦ᠌ ᠳᠤᠮᠳᠠᠳᠤ ᠤᠯᠤᠰ᠎ᠤᠨ ᠣᠨᠴᠠᠯᠢᠭ ᠪᠦᠬᠦᠢ ᠨᠡᠢ᠌ᠭᠡᠮ ᠵᠢᠷᠤᠮ ᠰᠠᠶᠢ ᠡᠯ᠎ᠡ ᠦᠨᠳᠦᠰᠦᠲᠡᠨ᠎ᠢ ᠨᠢᠭᠲᠠᠷᠠᠭᠤᠯᠵᠤ᠂ ᠡᠯ᠎ᠡ ᠦᠨᠳᠦᠰᠦᠲᠡᠨ᠎ᠢ ᠬᠥᠭᠵᠢᠭᠦᠯᠵᠦ᠂ ᠡᠯ᠎ᠡ ᠦᠨᠳᠦᠰᠦᠲᠡᠨ᠎ᠢ ᠴᠡᠴᠡᠭᠯᠡᠭᠦᠯᠵᠦ ᠴᠢᠳᠠᠨ᠎ᠠ ᠭᠡᠬᠦ ᠶᠣᠰᠣᠨ᠎ᠢ ᠣᠢ᠌ᠯᠠᠭ᠋ᠠᠭᠤᠯᠪᠠᠯ ᠰᠠᠶᠢ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠳᠠᠰᠤᠷᠠᠯᠳᠠ ᠦᠭᠡᠢ ᠪᠠᠲᠤ ᠴᠣᠭᠴᠠᠯᠠᠵᠤ ᠴᠢᠳᠠᠨ᠎ᠠ᠃

      ᠬᠣᠶᠠᠷ᠎ᠲᠤ᠂ ᠳᠤᠮᠳᠠᠳᠤ ᠵᠢᠨ ᠦᠨᠳᠦᠰᠦᠲᠡᠨ ᠪᠣᠯ ᠤᠯᠠᠨ ᠡᠰᠢᠲᠦ ᠨᠢᠭᠡ ᠴᠣᠭᠴᠠ ᠪᠦᠬᠦᠢ ᠬᠠᠮᠲᠤ ᠵᠢᠨ ᠲᠠᠨᠢᠯᠲᠠ ᠵᠢ ᠴᠢᠨᠠᠭᠰᠢᠳᠠ ᠭᠦᠨᠵᠡᠭᠡᠢ᠌ᠷᠡᠭᠦᠯᠬᠦ ᠬᠡᠷᠡᠭᠲᠡᠢ᠃ 《ᠮᠠᠨ᠎ᠤ ᠭᠡᠷᠡᠯ ᠰᠠᠴᠤᠷᠠᠩᠭᠤᠢ ᠰᠣᠶᠣᠯ᠎ᠢ ᠪᠣᠯ ᠡᠯ᠎ᠡ ᠦᠨᠳᠦᠰᠦᠲᠡᠨ ᠬᠠᠮᠲᠤ᠎ᠪᠠᠷ ᠡᠭᠦᠳᠦᠨ ᠪᠦᠲᠦᠭᠡᠭᠰᠡᠨ ᠶᠤᠮ》᠂ 《ᠡᠯ᠎ᠡ ᠦᠨᠳᠦᠰᠦᠲᠡᠨ ᠪᠦᠯᠬᠦᠮᠳᠡᠨ ᠠᠭᠤᠰᠤᠯᠴᠠᠵᠤ᠂ ᠤᠯᠠᠨ ᠡᠰᠢᠲᠦ ᠨᠢᠭᠡ ᠴᠣᠭᠴᠠ ᠪᠣᠯᠤᠭᠰᠠᠨ᠎ᠤ ᠰᠢᠯᠲᠠᠭ᠋ᠠᠨ᠎ᠨᠢ ᠡᠯ᠎ᠡ ᠦᠨᠳᠦᠰᠦᠲᠡᠨ᠎ᠨᠦᠭᠦᠳ ᠰᠣᠶᠣᠯ᠎ᠤᠨ ᠲᠠᠯ᠎ᠠ᠎ᠪᠠᠷ ᠬᠠᠷᠢᠯᠴᠠᠨ ᠪᠠᠭᠲᠠᠭ᠋ᠠᠵᠤ᠂ ᠠᠵᠤ ᠠᠬᠤᠢ ᠵᠢᠨ ᠲᠠᠯ᠎ᠠ᠎ᠪᠠᠷ ᠬᠠᠷᠢᠯᠴᠠᠨ ᠲᠦᠰᠢᠯᠴᠡᠵᠦ᠂ ᠬᠠᠢ᠌ᠷ᠎ᠠ ᠰᠡᠳᠬᠢᠯᠭᠡ ᠵᠢᠨ ᠲᠠᠯ᠎ᠠ᠎ᠪᠠᠷ ᠬᠠᠷᠢᠯᠴᠠᠨ ᠳᠣᠲᠣᠨᠣᠰᠢᠭᠰᠠᠨ᠎ᠠᠴᠠ ᠢᠷᠡᠯ᠎ᠲᠠᠢ᠂ ᠳᠤᠮᠳᠠᠳᠤ ᠵᠢᠨ ᠦᠨᠳᠦᠰᠦᠲᠡᠨ᠎ᠤ ᠪᠦᠯᠬᠦᠮᠳᠡᠯ ᠨᠢᠭᠡᠳᠦᠯ᠎ᠢ ᠡᠷᠭᠢᠮᠯᠡᠭᠦ ᠳᠣᠲᠣᠭ᠋ᠠᠳᠤ ᠬᠥᠳᠡᠯᠭᠡᠭᠴᠢ ᠬᠦᠴᠦᠨ᠎ᠠᠴᠠ ᠡᠭᠦᠰᠦᠯ᠎ᠲᠠᠢ ᠶᠤᠮ》 ᠭᠡᠳᠡᠭ᠎ᠢ ᠡᠯ᠎ᠡ ᠲᠠᠯ᠎ᠠ ᠵᠢᠨ ᠡᠯ᠎ᠡ ᠵᠦᠢ᠍ᠯ᠎ᠤᠨ ᠬᠥᠮᠦᠵᠢᠯ ᠦᠢ᠍ᠯᠡᠳᠦᠯᠭᠡ᠂ ᠢᠯᠠᠩᠭᠤᠶ᠎ᠠ ᠢᠷᠡᠭᠡᠳᠦᠢ ᠵᠢᠨ ᠡᠵᠡᠨᠳᠡᠨ — ᠬᠡᠦᠬᠡᠳ ᠪᠠᠭ᠋ᠠᠴᠤᠳ ᠣᠶᠤᠲᠠᠨ ᠵᠠᠯᠠᠭᠤᠴᠤᠳ᠎ᠤᠨ ᠬᠥᠮᠦᠵᠢᠯ ᠦᠢ᠍ᠯᠡᠳᠦᠯᠭᠡ᠎ᠳᠤ ᠠᠭᠤᠰᠬᠠᠵᠤ᠂ ᠰᠢᠨ᠎ᠡ ᠴᠠᠭ ᠦᠶ᠎ᠡ ᠵᠢᠨ ᠨᠡᠢ᠌ᠭᠡᠮ ᠵᠢᠷᠤᠮ᠎ᠤᠨ ᠭᠣᠣᠯᠯᠠᠭᠴᠢ ᠦᠷᠳᠡᠭ᠎ᠤᠨ ᠦᠵᠡᠯᠲᠡ ᠵᠢ ᠬᠥᠮᠥᠵᠢᠭᠦᠯᠵᠦ᠂ ᠰᠦᠭ ᠰᠦᠨᠡᠰᠦ ᠵᠢ ᠱᠤᠭᠤᠵᠤ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢ ᠪᠠᠲᠤ ᠴᠣᠭᠴᠠᠯᠠᠬᠤ ᠦᠵᠡᠯ ᠰᠠᠨᠠᠭ᠋ᠠᠨ᠎ᠤ ᠰᠠᠭᠤᠷᠢ ᠵᠢ ᠲᠠᠰᠤᠷᠠᠯᠳᠠ ᠦᠭᠡᠢ ᠪᠡᠬᠢᠵᠢᠭᠦᠯᠬᠦ ᠬᠡᠷᠡᠭᠲᠡᠢ᠃

      ᠭᠤᠷᠪᠠ᠎ᠳᠤ᠂ ᠳᠤᠮᠳᠠᠳᠤ ᠵᠢᠨ ᠦᠨᠳᠦᠰᠦᠲᠡᠨ᠎ᠤ ᠠᠭᠤᠤ ᠶᠡᠬᠡ ᠵᠣᠷᠢᠭ ᠰᠠᠨᠠᠭ᠎ᠠ ᠵᠢ ᠡᠯ᠎ᠡ ᠦᠨᠳᠦᠰᠦᠲᠡᠨ ᠬᠠᠮᠲᠤ᠎ᠪᠠᠷ ᠪᠣᠢ᠌ᠵᠢᠭᠤᠯᠤᠭᠰᠠᠨ ᠭᠡᠳᠡᠭ᠎ᠢ ᠥᠷᠭᠡᠨ ᠵᠢᠡᠷ ᠤᠬᠠᠭᠤᠯᠤᠨ ᠲᠠᠨᠢᠭᠤᠯᠬᠤ ᠬᠡᠷᠡᠭᠲᠡᠢ᠃ ᠲᠠᠷᠢᠶᠠᠯᠠᠬᠤ ᠪᠣᠯᠪᠠᠰᠤᠨ᠎ᠤ ᠠᠵᠢᠯᠴᠢ ᠪᠣᠷᠣᠭᠵᠢᠭᠤᠨ᠂ ᠶᠣᠰᠣ ᠵᠢᠷᠤᠮ᠎ᠢ ᠬᠦᠨᠳᠦᠳᠬᠡᠨ ᠳᠡᠭᠡᠳᠦᠯᠡᠬᠦ᠂ ᠨᠡᠭᠦᠳᠡᠯ ᠮᠠᠯᠵᠢᠯ᠎ᠤᠨ ᠪᠣᠯᠪᠠᠰᠤᠨ᠎ᠤ ᠣᠷᠭᠢᠯᠤᠮ᠎ᠠ ᠬᠠᠯᠠᠭᠤᠨ ᠡᠷᠡᠯᠬᠡᠭ ᠪᠠᠭ᠋ᠠᠲᠤᠷᠯᠢᠭ᠂ ᠳᠠᠯᠠᠢ ᠲᠠᠩᠭᠢᠰ᠎ᠤᠨ ᠪᠣᠯᠪᠠᠰᠤᠨ᠎ᠤ ᠠᠭᠤᠵᠢᠮ ᠪᠠᠭᠲᠠᠭ᠋ᠠᠮᠵᠢᠲᠠᠢ᠂ ᠵᠣᠷᠢᠭᠲᠠᠢ᠎ᠪᠠᠷ ᠲᠡᠮᠡᠴᠡᠵᠦ ᠵᠠᠪᠠᠯ ᠢᠯᠠᠬᠤ ᠵᠡᠷᠭᠡ᠎ᠨᠢ ᠳᠤᠮᠳᠠᠳᠤ ᠵᠢᠨ ᠦᠨᠳᠦᠰᠦᠲᠡᠨ᠎ᠤ ᠥᠪᠡᠷᠮᠢᠴᠡ ᠴᠢᠨᠠᠷ ᠪᠠ ᠲᠥᠷᠥᠯᠬᠢ ᠠᠪᠢᠶᠠᠰ᠎ᠲᠤ ᠳᠠᠰᠤᠷᠠᠯᠳᠠ ᠦᠭᠡᠢ ᠨᠡᠪᠴᠢᠵᠦ᠂ ᠤᠯᠤᠰ ᠵᠢᠡᠨ ᠬᠠᠢ᠌ᠷᠠᠯᠠᠬᠤ ᠦᠵᠡᠯ ᠵᠶ᠋ᠠᠷ ᠭᠣᠣᠯ ᠪᠤᠯᠭ᠋ᠠᠬᠰᠠᠨ ᠠᠭᠤᠤ ᠶᠡᠬᠡ ᠦᠨᠳᠦᠰᠦᠲᠡᠨ᠎ᠤ ᠵᠣᠷᠢᠭ ᠰᠠᠨᠠᠭ᠎ᠠ ᠵᠢ ᠬᠠᠮᠲᠤ᠎ᠪᠠᠷ ᠴᠣᠭᠴᠠᠯᠠᠭᠰᠠᠨ ᠶᠤᠮ᠃ ᠡᠨᠡ᠎ᠨᠢ ᠬᠡᠦᠬᠡᠳ ᠪᠠᠭ᠋ᠠᠴᠤᠳ ᠰᠤᠷᠤᠬ᠍ᠴᠢ ᠣᠶᠤᠲᠠᠨ ᠵᠢᠴᠢ ᠤᠯᠠᠨ ᠲᠦᠮᠡᠨ᠎ᠤ ᠵᠥᠪ ᠦᠨᠳᠦᠰᠦᠲᠡᠨ᠎ᠤ ᠦᠵᠡᠯᠲᠡ ᠵᠢ ᠪᠤᠢ ᠪᠤᠯᠭ᠋ᠠᠬᠤ᠎ᠳᠤ ᠮᠠᠰᠢ ᠴᠢᠬᠤᠯᠠ ᠦᠢ᠍ᠯᠡᠳᠦᠯ᠎ᠲᠠᠢ᠃ ᠳᠡᠢ᠌ᠮᠤ᠎ᠠᠴᠠ ᠪᠦᠭᠦ ᠲᠠᠯ᠎ᠠ᠎ᠪᠠᠷ ᠬᠥᠮᠥᠨ᠎ᠢ ᠬᠥᠮᠥᠵᠢᠭᠦᠯᠬᠦ ᠶᠠᠪᠤᠴᠠ᠎ᠳᠤ ᠳᠤᠮᠳᠠᠳᠤ ᠵᠢᠨ ᠦᠨᠳᠦᠰᠦᠲᠡᠨ᠎ᠤ ᠰᠢᠯᠢᠳᠡᠭ ᠦᠯᠢᠭᠡᠷ᠎ᠢ ᠤᠯᠠᠮᠵᠢᠯᠠᠨ ᠶᠠᠷᠢᠬᠤ ᠵᠢ ᠴᠢᠬᠤᠯᠠᠴᠢᠯᠠᠪᠠᠯ ᠵᠣᠬᠢᠨ᠎ᠠ᠃ ᠵᠢᠱ᠌ᠢᠶᠡᠯᠡᠪᠡᠯ᠂ ᠵᠤᠤ ᠵᠢᠶᠦ᠋ᠨ ᠪᠣᠭᠣᠮᠲᠠ ᠵᠢᠨ ᠭᠠᠳᠠᠨ᠎ᠠ ᠮᠣᠷᠳᠠᠭᠰᠠᠨ᠂ ᠸᠸᠨ ᠴᠧᠩ ᠭᠦᠩᠵᠦ ᠲᠥᠪᠡᠳ᠎ᠲᠤ ᠭᠦᠷᠦᠭᠰᠡᠨ᠂ ᠯᠢᠶᠠᠩᠵᠸᠤ ᠵᠢᠨ ᠴᠢᠭᠤᠯᠭ᠋ᠠᠨ᠂ ᠸᠠ ᠣᠪᠣᠭᠲᠤ ᠬᠠᠲᠤᠭᠲᠠᠢ ᠫᠠᠭᠳᠠᠭ᠋ᠠᠷ ᠳᠡᠭᠡᠷᠡᠮ᠎ᠢ ᠡᠰᠡᠷᠭᠦᠴᠡᠭᠰᠡᠨ᠂ ᠲᠣᠷᠭᠤᠳᠴᠤᠳ ᠳᠣᠷᠣᠨᠠᠰᠢ ᠪᠤᠴᠠᠭᠰᠠᠨ᠂ ᠰᠢᠪᠡᠭᠡ ᠦᠨᠳᠦᠰᠦᠲᠡᠨ ᠬᠢᠯᠢ ᠬᠢᠵᠠᠭ᠋ᠠᠷ᠎ᠢ ᠰᠠᠬᠢᠨ ᠬᠠᠮᠠᠭ᠋ᠠᠯᠠᠭᠰᠠᠨ ᠵᠡᠷᠭᠡ ᠲᠡᠦᠬᠡ ᠵᠢᠨ ᠳᠠᠭᠤᠷᠢᠰᠬᠠᠯᠲᠠᠢ ᠶᠠᠷᠢᠶ᠎ᠠ ᠲᠣᠭ᠋ᠠᠯᠠᠰᠢ ᠦᠭᠡᠢ ᠤᠯᠠᠨ ᠪᠤᠢ᠃

      ᠰᠣᠶᠣᠯ᠎ᠤᠨ ᠲᠠᠨᠢᠨ ᠮᠡᠳᠡᠷᠡᠬᠦᠢ ᠪᠣᠯ ᠬᠠᠮᠤᠭ᠎ᠤᠨ ᠭᠦᠨ ᠳᠠᠪᠬᠤᠷᠭ᠎ᠠ ᠵᠢᠨ ᠲᠠᠨᠢᠨ ᠮᠡᠳᠡᠷᠡᠬᠦᠢ ᠮᠥᠨ᠂ ᠦᠨᠳᠦᠰᠦᠲᠡᠨ᠎ᠤ ᠪᠦᠯᠬᠦᠮᠳᠡᠯ᠎ᠤᠨ ᠦᠨᠳᠦᠰᠦ᠂ ᠦᠨᠳᠦᠰᠦᠲᠡᠨ ᠡᠶ᠎ᠡ ᠵᠣᠬᠢᠴᠠᠩᠭᠤᠢ ᠪᠠᠢ᠌ᠬᠤ ᠵᠢᠨ ᠰᠦᠭ ᠰᠦᠨᠡᠰᠦ ᠮᠥᠨ᠃ ᠭᠠᠭᠴᠠᠬᠦ ᠤᠯᠠᠨ ᠲᠦᠮᠡᠨ᠎ᠤ ᠵᠥᠪ ᠤᠯᠤᠰ᠎ᠤᠨ ᠦᠵᠡᠯᠲᠡ᠂ ᠵᠥᠪ ᠦᠨᠳᠦᠰᠦᠲᠡᠨ᠎ᠤ ᠦᠵᠡᠯᠲᠡ᠂ ᠵᠥᠪ ᠰᠣᠶᠣᠯ᠎ᠤᠨ ᠦᠵᠡᠯᠲᠡ ᠵᠢ ᠬᠥᠮᠥᠵᠢᠭᠦᠯᠵᠦ ᠴᠢᠳᠠᠪᠠᠯ ᠰᠠᠶᠢ ᠳᠤᠮᠳᠠᠳᠤ ᠵᠢᠨ ᠰᠣᠶᠣᠯ᠎ᠤᠨ ᠲᠠᠨᠢᠨ ᠮᠡᠳᠡᠷᠡᠬᠦᠢ ᠵᠢ ᠳᠠᠰᠤᠷᠠᠯᠳᠠ ᠦᠭᠡᠢ ᠴᠢᠩᠭ᠋ᠠᠳᠬᠠᠵᠤ᠂ ᠲᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠣᠭᠴᠠ ᠵᠢᠨ ᠤᠬᠠᠮᠰᠠᠷ᠎ᠢ ᠨᠡᠩ ᠪᠠᠲᠤ ᠴᠣᠭᠴᠠᠯᠠᠵᠤ ᠴᠢᠳᠠᠨ᠎ᠠ᠃

 

ᠢᠷᠡᠯᠲᠡ᠄ ᠥᠪᠥᠷ ᠮᠣᠩᠭᠣᠯ᠎ᠤᠨ ᠡᠳᠦᠷ᠎ᠤᠨ ᠰᠣᠨᠢᠨ