ᠰᠣᠨᠢᠨ ᠮᠡᠳᠡᠭᠡ   -   ᠲᠤᠰᠬᠠᠢ ᠮᠡᠳᠡᠭᠡᠯᠡᠯ

《ᠲᠠᠪᠤᠨ ᠶᠡᠭᠡ ᠡᠭᠦᠷᠭᠡ》 ᠵᠢᠨ ᠨᠠᠶ᠋ᠢᠳᠠᠪᠤᠷᠢᠵᠢᠬᠤ ᠵᠢ ᠲᠦᠷᠭᠡᠳᠬᠡᠨ ᠴᠢᠨᠠᠷ ᠰᠠᠶ᠋ᠢᠲᠠᠢ ᠬᠥᠭᠵᠢᠯᠲᠡ ᠵᠢ ᠠᠬᠢᠭᠤᠯᠤᠶ᠎ᠠ — ᠪᠠᠶᠠᠨᠨᠠᠭᠤᠷ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ ᠵᠢ ᠦᠷᠭᠦᠯᠵᠢᠯᠡᠨ ᠠᠬᠢᠭᠤᠯᠵᠤ ᠨᠣᠭᠤᠭ᠋ᠠᠨ ᠬᠠᠯᠬᠠᠪᠴᠢ ᠵᠢ ᠪᠠᠬᠢᠵᠢᠭᠦᠯᠦᠨ᠎ᠡ

ᠨᠡᠶ᠋ᠢᠲᠡᠯᠡᠭᠰᠡᠨ ᠴᠠᠭ᠄   2024-10-21

      ᠮᠠᠨ᠎ᠤ ᠬᠤᠳᠠ ᠡᠯᠡᠰᠦ ᠵᠢ ᠰᠡᠷᠭᠡᠶ᠋ᠢᠯᠡᠵᠦ ᠡᠯᠡᠰᠦ ᠵᠢ ᠵᠠᠰᠠᠬᠤ᠎ᠪᠠᠷ ᠭᠤᠣᠯ ᠱᠤᠭᠤᠮ ᠪᠣᠯᠭ᠋ᠠᠬᠤ ᠵᠢ ᠪᠠᠷᠢᠮᠲᠠᠯᠠᠵᠤ᠂ 《ᠤᠮᠠᠷᠠᠲᠤ ᠵᠢᠨ ᠭᠤᠷᠪᠠᠨ ᠣᠷᠣᠨ》 ᠵᠡᠷᠭᠡ ᠭᠤᠣᠯᠳᠠᠯᠭ᠎ᠠ᠎ᠲᠠᠢ ᠠᠮᠢ ᠠᠬᠤᠢ ᠵᠢᠨ ᠢᠨᠵᠧᠨᠧᠷᠢᠩ ᠵᠢᠨ ᠪᠦᠳᠦᠭᠡᠨ ᠪᠠᠶ᠋ᠢᠭᠤᠯᠤᠯᠳᠠ ᠵᠢ ᠴᠢᠨᠠᠷ ᠰᠠᠶ᠋ᠢᠲᠠᠢ ᠠᠭᠢᠭᠤᠯᠤᠨ᠂ ᠬᠠᠳᠤᠨ ᠭᠤᠣᠯ᠎ᠤᠨ 《ᠲᠤᠬᠤᠢ》 ᠵᠢᠨ ᠪᠤᠭᠤᠮᠳᠠ ᠰᠢᠪᠳᠤᠯᠬᠤ ᠲᠠᠶ᠋ᠢᠯᠠᠯᠳᠤᠭ᠋ᠠᠨ᠎ᠢ ᠪᠦᠬᠦ ᠬᠦᠴᠦᠨ ᠵᠶ᠋ᠠᠷ ᠵᠶ᠋ᠠᠨ ᠰᠠᠶ᠋ᠢᠲᠤᠷ ᠬᠢᠵᠦ᠂ ᠨᠣᠭᠤᠭ᠋ᠠᠨ ᠬᠠᠯᠬᠠᠪᠴᠢ ᠵᠢ ᠤᠯᠠᠮ ᠨᠢᠭᠡ ᠠᠯᠬᠤᠮ ᠪᠠᠬᠢᠵᠢᠭᠦᠯᠦᠨ᠎ᠡ᠃
      ᠤᠷᠠᠳ᠎ᠤᠨ ᠳᠤᠮᠳᠠᠳᠤ ᠬᠤᠰᠢᠭᠤᠨ᠎ᠤ ᠰᠢᠬ᠎ᠠ ᠭᠤᠤᠯ ᠪᠠᠯᠭ᠋ᠠᠰᠤᠨ᠎ᠤ ᠮᠤᠨᠢ ᠠᠭᠤᠯᠠ ᠵᠢᠨ ᠠᠷᠤ ᠬᠤᠷᠮᠣᠢ ᠵᠢᠨ ᠲᠥᠷᠥᠯ ᠵᠦᠢ᠍ᠯ᠎ᠤᠨ ᠲᠣᠭᠤᠷᠢᠭ᠎ᠲᠤ᠂ ᠤᠷᠭᠤᠮᠠᠯ᠎ᠤᠨ ᠬᠤᠴᠢᠯᠭ᠎ᠠ ᠢᠭᠴᠤ ᠰᠠᠬᠤᠯᠢᠭ ᠪᠠᠶ᠋ᠢᠵᠤ᠂ ᠮᠥᠷ ᠮᠥᠷ ᠵᠢᠭᠳᠡᠷᠡᠨ ᠤᠷᠭᠤᠭᠰᠠᠨ ᠬᠠᠷᠠᠭ᠋ᠠᠨ᠎ᠠ ᠭᠦᠭᠡᠷᠡᠨ ᠨᠤᠭᠤᠭ᠋ᠠᠷᠠᠵᠤ᠂ ᠠᠮᠢᠵᠢᠷᠠᠯ᠎ᠤᠨ ᠭᠦᠴᠦᠨ ᠵᠶ᠋ᠠᠷ ᠪᠢᠯᠬᠠᠮ᠎ᠠ ᠬᠠᠷᠠᠭᠳᠠᠨ᠎ᠠ᠃ ᠡᠨᠡ ᠵᠢᠯ᠂ ᠰᠢᠬ᠎ᠠ ᠭᠤᠤᠯ ᠪᠠᠯᠭ᠋ᠠᠰᠤ ᠲᠥᠷᠥᠯ ᠵᠦᠢ᠍ᠯ᠎ᠤᠨ ᠪᠡᠯᠡ ᠮᠥᠩᠭᠦ 1206.24 ᠲᠦᠮᠡᠨ ᠲᠦᠭᠦᠷᠢᠭ᠎ᠢ ᠭᠤᠶᠤᠴᠢᠯᠠᠨ ᠤᠯᠵᠤ᠂ ᠪᠠᠶᠠᠨᠨᠠᠭᠤᠷ ᠬᠤᠲᠠ ᠵᠢᠨ ᠮᠤᠨᠢ ᠠᠭᠤᠯᠠ ᠵᠢᠨ ᠠᠷᠤ ᠬᠤᠷᠮᠣᠢ ᠵᠢᠨ ᠤᠷᠠᠳ᠎ᠤᠨ ᠳᠤᠮᠳᠠᠳᠤ ᠬᠤᠰᠢᠭᠤᠨ᠎ᠤ 2023 ᠣᠨ᠎ᠤ ᠠᠮᠢ ᠠᠬᠤᠢ ᠵᠢᠨ ᠶᠡᠷᠦᠩᠬᠡᠶ᠋ᠢᠯᠡᠭᠰᠡᠨ ᠵᠠᠰᠠᠯᠲᠠ ᠵᠢᠨ ᠢᠨᠵᠧᠨᠧᠷᠢᠩ᠎ᠤᠨ ᠲᠥᠷᠥᠯ ᠵᠦᠢ᠍ᠯ᠎ᠢ ᠵᠣᠬᠢᠶᠠᠨ ᠪᠠᠶ᠋ᠢᠭᠤᠯᠤᠨ ᠭᠡᠷᠡᠭᠵᠢᠭᠦᠯᠵᠤ᠂ ᠤᠳᠤᠬᠠᠨ ᠪᠤᠯᠳᠠᠯ᠎ᠠ᠂ 86804 ᠮᠧᠳ᠋ᠷ᠎ᠢ ᠬᠠᠰᠢᠶᠠᠯᠠᠨ ᠪᠢᠲᠡᠭᠦᠮᠵᠢᠯᠡᠵᠦ᠂ ᠬᠥᠮᠥᠨ᠎ᠤ ᠬᠦᠴᠦ᠎ᠪᠠᠷ ᠡᠪᠡᠰᠦ ᠲᠠᠷᠢᠭᠰᠠᠨ ᠲᠠᠯᠠᠪᠠᠶ᠎ᠨᠢ ᠪᠠᠷᠤᠭ 3 ᠲᠦᠮᠡᠨ ᠮᠦ᠍᠎ᠳᠤ ᠬᠦᠷᠴᠡᠢ᠃
      ᠤᠷᠠᠳ᠎ᠤᠨ ᠳᠤᠮᠳᠠᠳᠤ ᠬᠤᠰᠢᠭᠤᠨ᠎ᠤ ᠰᠢᠬ᠎ᠠ ᠭᠤᠤᠯ ᠪᠠᠯᠭ᠋ᠠᠰᠤᠨ᠎ᠤ ᠳᠡᠳ᠋ ᠳᠠᠷᠤᠭ᠎ᠠ ᠰᠢᠦᠢ ᠹᠧᠢ ᠰᠤᠷᠪᠤᠯᠵᠢᠯᠠᠭᠴᠢ᠎ᠳᠤ ᠮᠤᠨᠢ ᠠᠭᠤᠯᠠ ᠵᠢᠨ ᠠᠷᠤ ᠬᠤᠷᠮᠣᠢ ᠵᠢᠨ ᠠᠮᠢ ᠠᠬᠤᠢ ᠵᠢᠨ ᠶᠡᠷᠦᠩᠬᠡᠶ᠋ᠢᠯᠡᠭᠰᠡᠨ ᠵᠠᠰᠠᠯᠲᠠ ᠵᠢᠨ ᠲᠦᠷᠦᠯ ᠵᠤᠶ᠋ᠢᠯ᠎ᠢ ᠬᠡᠷᠡᠭᠵᠢᠭᠦᠯᠦᠭᠰᠡᠨ ᠵᠶ᠋ᠠᠷ᠂ ᠰᠢᠬ᠎ᠠ ᠭᠤᠤᠯ ᠪᠠᠯᠭ᠋ᠠᠰᠤᠨ᠎ᠤ ᠤᠷᠭᠤᠮᠠᠯ᠎ᠤᠨ ᠬᠤᠴᠢᠯᠭ᠎ᠠ ᠵᠢᠨ ᠪᠦᠷᠬᠦᠴᠡ ᠵᠢ ᠪᠦᠲᠦᠮᠵᠢᠲᠡᠶ᠎ᠪᠠᠷ ᠳᠡᠭᠡᠭᠰᠢᠯᠡᠭᠦᠯᠵᠦ᠂ ᠭᠠᠵᠠᠷ ᠰᠢᠷᠣᠢ ᠵᠢᠨ ᠴᠦᠯᠦᠷᠭᠡᠭᠵᠢᠭᠦ ᠪᠠ ᠡᠯᠡᠰᠦᠵᠢᠬᠦ ᠵᠢ ᠰᠡᠷᠭᠡᠶ᠋ᠢᠯᠡᠨ᠂ ᠤᠰᠤᠨ᠎ᠤ ᠡᠬᠢ ᠰᠤᠷᠪᠤᠯᠵᠢ ᠵᠢ ᠬᠠᠳᠠᠭ᠋ᠠᠯᠠᠬᠤ ᠴᠢᠳᠠᠪᠤᠷᠢ ᠵᠢ ᠲᠡᠭᠡᠭᠰᠢᠯᠡᠭᠦᠯᠦᠭᠰᠡᠨ ᠭᠡᠪᠡ᠃
      ᠤᠷᠠᠳ᠎ᠤᠨ ᠡᠮᠦᠨᠡᠲᠦ ᠬᠤᠰᠢᠭᠤᠨ᠎ᠤ ᠰᠠᠭ᠋ᠠᠳᠠᠭ᠎ᠤᠨ ᠰᠦᠵᠢ ᠵᠢᠨ ᠡᠯᠡᠰᠦᠷᠬᠡᠭ ᠭᠠᠵᠠᠷ᠎ᠲᠤ᠂ ᠠᠵᠢᠯᠴᠢᠳ ᠶᠠᠭ ᠰᠠᠶ᠋ᠢᠬᠠᠨ ᠭᠤᠤ ᠭᠠᠷᠭ᠋ᠠᠨ ᠡᠪᠡᠰᠦ ᠳᠡᠪᠢᠰᠴᠦ᠂ ᠬᠥᠮᠥᠨ᠎ᠤ ᠬᠦᠴᠦ᠎ᠪᠠᠷ ᠡᠪᠡᠰᠤ ᠵᠢ ᠳᠥᠷᠪᠡᠯᠵᠢᠨ ᠭᠡᠯᠪᠡᠷᠢ᠎ᠪᠠᠷ ᠳᠡᠪᠢᠰᠬᠦ ᠠᠷᠭ᠎ᠠ᠎ᠪᠠᠷ ᠡᠯᠡᠰᠦᠨ ᠬᠠᠯᠬᠠᠪᠴᠢ ᠪᠣᠰᠬᠠᠵᠤ᠂ ᠨᠡᠭᠦᠳᠡᠯᠯᠡᠵᠤ ᠪᠠᠶ᠋ᠢᠭ᠎ᠠ ᠡᠯᠡᠰᠦᠨ ᠲᠤᠪᠤ ᠵᠢ ᠲᠤᠭᠳᠠᠪᠤᠷᠢᠵᠢᠭᠤᠯᠤᠨ᠎ᠠ᠃ ᠲᠤᠰ ᠲᠥᠷᠥᠯ ᠵᠦᠢ᠍ᠯ᠎ᠢ ᠳᠠᠭᠤᠰᠬᠠᠭᠰᠠᠨ᠎ᠤ ᠳᠠᠷᠠᠭ᠎ᠠ᠂ ᠰᠦᠵᠢ ᠵᠢᠨ ᠡᠯᠡᠰᠦᠷᠬᠡᠭ ᠭᠠᠵᠠᠷ᠎ᠤᠨ ᠳᠤᠮᠳᠠ ᠬᠡᠰᠡᠭ᠎ᠤᠨ ᠡᠮᠦᠨ᠎ᠡ ᠦᠵᠦᠭᠦᠷ᠎ᠲᠤ 1500 ᠮᠧᠳ᠋ᠷ ᠤᠷᠲᠤ᠂ 900 ᠮᠧᠳ᠋ᠷ᠎ᠤᠨ ᠥᠷᠭᠡᠨ ᠠᠮᠢ ᠠᠬᠤᠢ ᠵᠢᠨ ᠬᠠᠯᠬᠠᠪᠴᠢ ᠪᠤᠢ ᠪᠤᠯᠤᠨ᠎ᠠ᠃ ᠴᠠᠭ ᠬᠤᠭᠤᠴᠠᠭ᠋ᠠᠨ᠎ᠤ ᠥᠩᠭᠡᠷᠡᠬᠦ ᠵᠢ ᠳᠠᠭ᠋ᠠᠯᠳᠤᠨ᠂ ᠡᠪᠡᠰᠤ᠎ᠪᠠᠷ ᠲᠠᠷᠤᠭᠰᠠᠨ ᠳᠥᠷᠪᠡᠯᠵᠢᠨ ᠭᠡᠯᠪᠡᠷᠢ᠎ᠲᠠᠢ ᠡᠯᠡᠰᠦᠨ ᠬᠠᠯᠬᠠᠪᠴᠢ᠎ᠨᠢ ᠠᠭ᠋ᠠᠵᠢᠮ ᠵᠶ᠋ᠠᠷ ᠠᠮᠢᠵᠢᠷᠠᠯ᠎ᠤᠨ ᠬᠦᠴᠦᠨ ᠵᠶ᠋ᠠᠷ ᠪᠢᠯᠬᠠᠭᠰᠠᠨ ᠤᠷᠭᠤᠮᠠᠯ ᠪᠣᠯᠵᠤ ᠬᠤᠪᠢᠷᠠᠬᠤ ᠪᠣᠯᠣᠨ᠎ᠠ᠃
      ᠤᠷᠠᠳ᠎ᠤᠨ ᠡᠮᠦᠨᠡᠲᠦ ᠬᠤᠰᠢᠭᠤᠨ᠎ᠤ ᠣᠶ ᠰᠢᠭᠤᠢ ᠨᠤᠳᠤᠭ ᠪᠡᠯᠴᠢᠭᠡᠷ᠎ᠤᠨ ᠲᠣᠪᠴᠢᠶ᠎ᠠ ᠵᠢᠨ ᠠᠵᠢᠯᠲᠠᠨ ᠸᠠᠩ ᠶᠠᠨ ᠰᠤᠷᠪᠤᠯᠵᠢᠯᠠᠭᠴᠢ᠎ᠳᠤ ᠲᠣᠰ ᠤᠳᠠᠭ᠋ᠠᠨ᠎ᠤ ᠲᠠᠷᠢᠭᠰᠠᠨ ᠡᠯᠡᠰᠦᠨ ᠬᠠᠯᠬᠠᠪᠴᠢ ᠵᠢᠨ ᠶᠡᠷᠦᠩᠬᠡᠢ ᠲᠠᠯᠠᠪᠠᠶ᠎ᠨᠢ 2000 ᠮᠦ᠍᠂ ᠢᠨᠵᠧᠨᠧᠷᠢᠩ᠎ᠨᠢ 7 ᠰᠠᠷ᠎ᠠ ᠵᠢᠨ ᠡᠬᠢᠨ᠎ᠠᠴᠠ ᠡᠬᠢᠯᠡᠵᠦ᠂ ᠵᠢᠱ᠌ᠢᠯᠲᠡ᠎ᠪᠠᠷ 9 ᠰᠠᠷ᠎ᠠ ᠵᠢᠨ ᠳᠤᠮᠳᠠᠴᠢ᠎ᠪᠠᠷ ᠲᠠᠭᠤᠰᠤᠨ᠎ᠠ ᠭᠡᠪᠡ᠃
      ᠣᠶ᠋ᠢᠯᠠᠭ᠋ᠠᠭᠰᠠᠨ ᠵᠶ᠋ᠠᠷ᠂ ᠤᠷᠠᠳ᠎ᠤᠨ ᠡᠮᠦᠨᠡᠲᠦ ᠬᠤᠰᠢᠭᠤᠨ᠎ᠤ ᠰᠦᠵᠢ ᠵᠢᠨ ᠡᠯᠡᠰᠦᠷᠬᠡᠭ ᠭᠠᠵᠠᠷ᠎ᠤᠨ ᠲᠠᠯᠠᠪᠠᠶ 60 ᠲᠦᠮᠡᠨ ᠮᠦ᠍᠎ᠳᠤ ᠬᠦᠷᠴᠦ᠂ ᠲᠤᠬᠠᠢ ᠵᠢᠨ ᠭᠠᠵᠠᠷ᠎ᠤᠨ᠎ᠬᠢᠨ ᠡᠯᠡᠰᠦ ᠵᠢ ᠪᠢᠲᠡᠭᠦᠮᠵᠢᠯᠡᠨ ᠣᠶ ᠮᠣᠳᠣ ᠪᠣᠶ᠋ᠢᠵᠢᠭᠤᠯᠬᠤ᠂ ᠨᠤᠲᠤᠭ ᠪᠡᠯᠴᠢᠭᠡᠷ᠎ᠢ ᠬᠦᠷᠢᠶᠡᠯᠡᠬᠦ᠂ ᠪᠣᠳᠠ ᠮᠣᠳᠣ᠎ᠪᠠᠷ ᠣᠶ᠋ᠢᠵᠢᠭᠤᠯᠬᠤ᠂ ᠨᠢᠰᠬᠡᠯ ᠵᠶ᠋ᠠᠷ ᠳᠠᠷᠢᠵᠤ ᠣᠶ᠋ᠢᠵᠢᠭᠤᠯᠬᠤ᠂ ᠬᠡᠷᠡᠯ ᠴᠠᠭᠢᠯᠭ᠋ᠠᠨ ᠵᠶ᠋ᠠᠷ ᠡᠯᠡᠰᠦ ᠵᠢ ᠵᠠᠰᠠᠬᠤ ᠵᠡᠷᠭᠡ ᠠᠷᠭ᠎ᠠ ᠬᠡᠮᠵᠢᠶ᠎ᠡ ᠵᠢ ᠠᠪᠴᠤ ᠲᠥᠪᠯᠡᠷᠡᠭᠦᠯᠦᠨ ᠵᠠᠰᠠᠬᠤ᠎ᠪᠠᠷ ᠲᠠᠮᠵᠢᠨ᠂ ᠠᠩᠬ᠎ᠠ ᠠᠯᠬᠤᠮ ᠨᠣᠭᠤᠭ᠋ᠠᠷᠠᠭᠤᠯᠤᠯᠲᠠ ᠵᠢ ᠠᠬᠢᠭᠤᠯᠵᠤ ᠡᠯᠡᠰᠦ ᠵᠢ ᠲᠤᠭᠳᠠᠪᠤᠷᠢᠵᠢᠭᠤᠯᠤᠭᠰᠠᠨ ᠮᠠᠰᠢ ᠰᠠᠶ᠋ᠢᠨ ᠪᠠᠶ᠋ᠢᠳᠠᠯ᠎ᠢ ᠪᠤᠢ ᠪᠣᠯᠭ᠋ᠠᠪᠠ᠃
      ᠡᠨᠡ ᠵᠢᠯ ᠪᠣᠯ 《ᠤᠮᠠᠷᠠᠲᠤ ᠵᠢᠨ ᠭᠤᠷᠪᠠᠨ ᠣᠷᠣᠨ》᠎ᠤ ᠢᠨᠵᠧᠨᠧᠷᠢᠩ᠎ᠤᠨ ᠬᠠᠳᠤᠨ ᠭᠤᠣᠯ᠎ᠤᠨ 《ᠲᠤᠬᠤᠢ》 ᠵᠢᠨ ᠪᠣᠭᠤᠮᠲᠠ ᠰᠢᠪᠲᠤᠯᠬᠤ ᠳᠠᠶ᠋ᠢᠯᠠᠯᠳᠤᠭ᠋ᠠᠨ᠎ᠤ ᠢᠯᠠᠯᠲᠠ ᠵᠢ ᠣᠯᠬᠤ ᠵᠠᠩᠭᠢᠯᠠᠭ᠎ᠠ ᠵᠢᠨ ᠨᠢᠭᠡ ᠵᠢᠯ ᠪᠣᠯᠣᠨ᠎ᠠ᠃ ᠮᠠᠨ᠎ᠤ ᠬᠤᠳᠠ 《ᠪᠠᠶᠠᠨᠨᠠᠭᠤᠷ ᠬᠤᠲᠠ ᠵᠢᠨ ᠬᠠᠲᠤᠨ ᠭᠤᠣᠯ᠎ᠤᠨ 〈ᠲᠤᠬᠤᠢ〉 ᠵᠢᠨ ᠪᠣᠭᠤᠮᠲᠠ ᠰᠢᠪᠲᠤᠯᠬᠤ ᠳᠠᠶ᠋ᠢᠯᠠᠯᠳᠤᠭ᠋ᠠᠨ᠎ᠤ ᠬᠡᠷᠡᠭᠵᠢᠭᠦᠯᠬᠦ ᠲᠥᠰᠥᠯ》᠎ᠤᠨ ᠶᠣᠰᠣᠭ᠋ᠠᠷ᠂ ᠮᠠᠨ᠎ᠤ ᠬᠤᠲᠠ ᠵᠢᠨ 2024 ᠣᠨ᠎ᠤ 《ᠤᠮᠠᠷᠠᠲᠤ ᠵᠢᠨ ᠭᠤᠷᠪᠠᠨ ᠣᠷᠣᠨ》 ᠵᠡᠷᠭᠡ ᠭᠤᠣᠯᠳᠠᠯᠭ᠎ᠠ᠎ᠲᠠᠢ ᠠᠮᠢ ᠠᠬᠤᠢ ᠵᠢᠨ ᠢᠨᠵᠧᠨᠧᠷᠢᠩ᠎ᠤᠨ ᠪᠦᠲᠦᠭᠡᠨ ᠪᠠᠶ᠋ᠢᠭᠤᠯᠤᠯᠲᠠ ᠵᠢᠨ ᠵᠢᠷᠤᠭ᠂ ᠪᠠᠷᠢᠯᠭ᠎ᠠ ᠵᠢᠨ ᠵᠢᠷᠤᠭ᠎ᠢ ᠵᠢᠷᠤᠵᠤ ᠭᠠᠷᠭ᠋ᠠᠨ᠂ ᠡᠭᠦᠷᠭᠡ ᠵᠢ ᠪᠤᠳᠠᠳᠠᠶ᠋ᠢᠵᠢᠭᠤᠯᠤᠭᠰᠠᠨ ᠪᠠᠶ᠋ᠢᠨ᠎ᠠ᠃ ᠮᠤᠨᠢ ᠠᠭᠤᠯᠠ ᠵᠢᠨ ᠠᠷᠤ ᠬᠤᠷᠮᠣᠢ᠎ᠳᠠᠬᠢ ᠠᠮᠢ ᠠᠬᠤᠢ ᠵᠢᠨ ᠶᠡᠷᠦᠩᠬᠡᠶ᠋ᠢᠯᠡᠭᠰᠡᠨ ᠵᠠᠰᠠᠯᠲᠠ᠂ ᠪᠠᠷᠠᠭᠤᠨ ᠣᠷᠣᠨ᠎ᠤ ᠡᠯᠡᠰᠦᠨ ᠴᠥᠯ᠎ᠢ ᠶᠡᠷᠦᠩᠬᠡᠶ᠋ᠢᠯᠡᠨ ᠵᠠᠰᠠᠬᠤ ᠲᠦᠷᠦᠯ ᠵᠤᠶ᠋ᠢᠯ᠂ 《ᠤᠮᠠᠷᠠᠲᠤ ᠵᠢᠨ ᠭᠤᠷᠪᠠᠨ ᠤᠷᠤᠨ》᠎ᠤ ᠵᠢᠷᠭᠤᠳᠤᠭ᠋ᠠᠷ ᠬᠤᠭᠤᠴᠠᠭ᠎ᠠ᠂ ᠨᠠᠮ᠎ᠤᠨ ᠲᠥᠪ ᠬᠤᠷᠢᠶ᠎ᠠ / ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠲᠥᠪ ᠬᠤᠷᠢᠶᠠᠨ᠎ᠤ ᠡᠳ᠋᠎ᠤᠨ ᠵᠠᠰᠠᠭ᠎ᠤᠨ ᠣᠢ ᠰᠢᠭᠤᠢ ᠵᠢ ᠠᠷᠠᠴᠢᠯᠠᠨ ᠪᠣᠶ᠋ᠢᠵᠢᠭᠤᠯᠬᠤ ᠪᠠ ᠮᠠᠭᠤᠳᠠᠭᠰᠠᠨ ᠨᠤᠲᠤᠭ ᠪᠡᠯᠴᠢᠭᠡᠷ᠎ᠢ ᠵᠠᠰᠠᠨ ᠰᠡᠷᠭᠦᠭᠡᠬᠦ ᠲᠥᠷᠥᠯ ᠵᠦᠢ᠍ᠯ᠂ ᠡᠯᠡᠰᠦ ᠵᠢ ᠰᠡᠷᠭᠡᠶ᠋ᠢᠯᠡᠨ ᠡᠯᠡᠰᠦ ᠵᠢ ᠵᠠᠰᠠᠬᠤ ᠪᠠ ᠰᠠᠯᠬᠢᠨ ᠴᠠᠬᠢᠯᠭ᠋ᠠᠨ ᠭᠡᠷᠡᠯ ᠴᠡᠨᠡᠭ᠎ᠢ ᠨᠢᠭᠡ ᠴᠣᠭᠴᠠᠵᠢᠭᠤᠯᠬᠤ ᠢᠨᠵᠧᠨᠧᠷᠢᠩ ᠵᠡᠷᠭᠡ ᠴᠢᠬᠤᠯᠠ ᠶᠡᠭᠡ ᠢᠨᠵᠧᠨᠧᠷᠢᠩ᠎ᠤᠨ ᠲᠥᠷᠥᠯ ᠵᠦᠢ᠍ᠯ᠎ᠳᠤ ᠲᠦᠰᠢᠭᠯᠡᠨ᠂ ᠣᠲᠣ ᠪᠣᠯᠲᠠᠯ᠎ᠠ᠂ ᠨᠢᠭᠡᠨᠲᠡ 332.27 ᠲᠦᠮᠡᠨ ᠮᠦ᠍ ᠠᠮᠢ ᠠᠬᠤᠢ ᠵᠢᠨ ᠵᠠᠰᠠᠯᠲᠠ ᠵᠢ ᠪᠡᠶᠡᠯᠡᠭᠦᠯᠪᠡ᠃
  


 

 

ᠢᠷᠡᠯᠲᠡ᠄ ᠪᠠᠶᠠᠨᠨᠠᠭᠤᠷ᠎ᠤᠨ ᠮᠣᠩᠭᠤᠯ ᠷᠠᠳᠢᠣ᠋ ᠲᠧᠯᠸᠢᠰ