ᠰᠣᠨᠢᠨ ᠮᠡᠳᠡᠭᠡ   -   ᠦᠨᠥᠳᠥᠷ᠎ᠤᠨ ᠳ᠋ᠧᠩᠺᠸᠥ᠍ ᠰᠢᠶᠠᠨ

ᠳ᠋ᠧᠩᠺᠸᠤ ᠰᠢᠶᠠᠨ᠎ᠤ ᠮᠦᠸᠧ ᠪᠧᠢ ᠵᠢᠨ ᠵᠢᠦᠸᠠᠢ ᠦᠵᠦᠮ᠎ᠤᠨ ᠠᠷᠢᠬᠢᠨ ᠮᠤᠬᠤᠯᠠᠭ᠄ ᠦᠵᠦᠮ ᠳᠦᠭᠦᠷᠡᠩ ᠨᠠᠮᠠᠭ᠎ᠠ ᠲᠡᠭᠦᠬᠦ ᠠᠵᠢᠯᠴᠢᠳ 《ᠡᠯᠪᠡᠭ ᠬᠤᠷᠢᠶᠠᠯᠲᠠ》 ᠵᠢᠨ ᠦᠵᠡᠮᠵᠢ ᠵᠢ ᠤᠷᠠᠯᠠᠪᠠ

ᠨᠡᠶ᠋ᠢᠲᠡᠯᠡᠭᠰᠡᠨ ᠴᠠᠭ᠄   2025-09-16

ᠠᠯᠲᠠᠨ ᠨᠠᠮᠤᠷ᠎ᠤᠨ ᠶᠢᠰᠦᠨ ᠰᠠᠷ᠎ᠠ᠎ᠳᠤ᠂ ᠳ᠋ᠧᠩᠺᠸᠤ ᠰᠢᠶᠠᠨ᠎ᠤ ᠮᠦᠸᠧ ᠪᠧᠢ ᠵᠢᠨ ᠵᠢᠦᠸᠠᠢ  ᠦᠵᠦᠮ᠎ᠤᠨ ᠠᠷᠢᠬᠢᠨ ᠡᠳ᠋ᠯᠡᠩ᠎ᠤᠨ ᠮᠢᠩᠭ᠋ᠠᠨ ᠮᠦ᠍ ᠦᠵᠦᠮ᠎ᠤᠨ ᠬᠦᠷᠢᠶᠡᠯᠡᠩ ᠡᠯᠪᠡᠭ ᠬᠤᠷᠢᠶᠠᠯᠲᠠ ᠵᠢᠨ ᠴᠠᠭ ᠬᠤᠭᠤᠴᠠᠭ᠎ᠠ᠎ᠪᠠᠨ ᠤᠭᠲᠤᠨ ᠠᠪᠴᠢᠷᠠᠵᠤ᠂ ᠨᠠᠮᠤᠷ᠎ᠤᠨ ᠡᠯᠪᠡᠭ ᠬᠤᠷᠢᠶᠠᠯᠲᠠ ᠵᠢᠨ ᠡᠬᠢᠯᠡᠯᠲᠡ ᠵᠢᠨ ᠠᠶᠠᠰ᠎ᠢ ᠬᠠᠩᠭᠢᠨᠠᠭᠤᠯᠪᠠ᠃

ᠦᠵᠦᠮ᠎ᠤᠨ ᠬᠦᠷᠢᠶᠡᠯᠡᠩ ᠵᠶ᠋ᠠᠷ ᠣᠷᠣᠬᠤ᠎ᠳᠤ᠂ ᠥᠩᠭᠡ ᠢᠯᠭ᠋ᠠᠷᠠᠭᠰᠠᠨ ᠦᠵᠦᠮ᠎ᠨᠢ ᠰᠠᠯᠠᠭ᠎ᠠ ᠨᠠᠮᠠᠭ᠎ᠠ᠎ᠪᠠᠷ ᠳᠦᠭᠦᠷᠴᠦ᠂ ᠤᠯᠠᠭ᠋ᠠᠨ ᠰᠢᠷᠭ᠋ᠠᠯ ᠤᠯᠠᠭ᠋ᠠᠨ ᠰᠤᠪᠤᠳ᠂ ᠨᠣᠭᠤᠭ᠋ᠠᠨ ᠲᠤᠶᠠᠭ᠋ᠠᠲᠤ ᠲᠤᠶᠠᠭ᠎ᠠ ᠨᠡᠷᠡᠨ᠎ᠤ ᠭᠡᠷᠡᠯ᠎ᠤᠨ ᠳᠣᠣᠷ᠎ᠠ ᠬᠥᠮᠦᠰ᠎ᠤᠨ ᠠᠩᠬᠠᠷᠤᠯ᠎ᠢ ᠲᠠᠲᠠᠵᠤ ᠪᠠᠶ᠋ᠢᠯ᠎ᠠ᠃ ᠲᠡᠭᠦᠬᠦ ᠠᠵᠢᠯᠴᠢᠨ ᠸᠠᠩ ᠪᠠᠭᠰᠢ ᠶᠠᠭ ᠲᠠᠷᠢᠶᠠᠨ ᠳᠤᠮᠳᠠ ᠶᠠᠭ᠋ᠠᠷᠠᠵᠤ ᠪᠠᠶ᠋ᠢᠯ᠎ᠠ᠂ ᠲᠡᠷᠡ ᠬᠤᠶᠠᠷ ᠭᠠᠷ ᠵᠶ᠋ᠠᠷ ᠵᠶ᠋ᠠᠨ ᠦᠵᠦᠮ᠎ᠤᠨ ᠢᠷᠣᠭ᠋ᠠᠷ᠎ᠤᠨ ᠬᠡᠰᠡᠭ᠎ᠢ ᠠᠳᠬᠤᠵᠤ᠂ ᠪᠠᠭ᠎ᠠ ᠯᠠ ᠬᠦᠴᠦ ᠣᠷᠣᠭᠤᠯᠤᠮᠠᠭᠴᠠ ᠪᠦᠬᠦ᠋ᠢ᠍ᠯᠡ ᠦᠵᠦᠮ᠎ᠢ ᠣᠷᠢᠶᠠᠩᠭᠤ ᠵᠢᠨ ᠵᠡᠯ᠎ᠡ ᠳᠡᠭᠡᠷ᠎ᠡ᠎ᠠᠴᠠ ᠠᠪᠴᠤ ᠬᠠᠶᠠᠭ᠋ᠠᠳ᠂ ᠵᠦᠭᠡᠯᠡᠨ ᠪᠥᠰ ᠳᠡᠪᠢᠰᠴᠦ ᠪᠠᠶ᠋ᠢᠭ᠎ᠠ ᠬᠤᠯᠤᠰᠤᠨ ᠰᠠᠭᠰᠤᠨ᠎ᠳᠤ ᠬᠢᠪᠡ᠃ ᠳᠡᠮᠡᠢ ᠬᠤᠯᠠ ᠦᠭᠡᠢ ᠭᠠᠵᠠᠷ᠎ᠲᠤ ᠬᠡᠳᠦᠨ ᠠᠷᠪᠠᠨ ᠠᠵᠢᠯᠴᠢᠨ ᠵᠢᠵᠢᠭ ᠲᠡᠷᠭᠡ ᠲᠦᠯᠬᠢᠨ ᠨᠠᠭ᠋ᠠᠰᠢ ᠴᠠᠭ᠋ᠠᠰᠢ ᠰᠦᠯᠵᠢᠯᠳᠦᠵᠦ᠂ ᠦᠵᠦᠮ ᠰᠠᠪᠠᠯᠠᠭᠰᠠᠨ ᠬᠤᠯᠤᠰᠤᠨ ᠰᠠᠬᠰᠦ ᠵᠢ ᠲᠦᠷᠭᠡᠨ ᠢᠯᠭ᠋ᠠᠬᠤ ᠲᠠᠰᠤᠭ᠎ᠲᠤ ᠲᠦᠷᠭᠡᠨ ᠬᠦᠷᠭᠡᠵᠦ᠂ ᠰᠢᠨ᠎ᠡ ᠰᠣᠷᠭᠤᠭ ᠲᠡᠭᠦᠬᠦ ᠦᠵᠦᠮ᠎ᠢ ᠬᠠᠮᠤᠭ᠎ᠤᠨ ᠣᠬᠤᠷᠬᠠᠨ ᠬᠤᠭᠤᠴᠠᠭ᠋ᠠᠨ᠎ᠳᠤ ᠲᠠᠷᠠᠭ᠋ᠠᠴᠢ ᠵᠢᠨ ᠰᠢᠢ᠍ᠳᠪᠦᠷᠢᠯᠡᠬᠦ ᠭᠤᠭᠴᠤᠭ᠎ᠠ᠎ᠳᠤ ᠣᠷᠣᠭᠤᠯᠬᠤ ᠵᠢ ᠪᠠᠲᠤᠯᠠᠨ᠎ᠠ᠃

ᠣᠶ᠋ᠢᠷ᠎ᠠ ᠵᠢᠨ ᠵᠢᠯ᠎ᠤᠨ ᠲᠤᠷᠰᠢ᠂ ᠥᠪᠥᠷ ᠮᠣᠩᠭᠤᠯ᠎ᠤᠨ ᠮᠦᠸᠧ ᠪᠧᠢ ᠵᠢᠨ ᠵᠢᠦᠸᠠᠢ  ᠦᠵᠦᠮ᠎ᠤᠨ ᠠᠷᠢᠬᠢᠨ ᠡᠳ᠋ᠯᠡᠩ 《ᠰᠠᠭᠤᠷᠢᠨ ᠭᠠᠵᠠᠷ᠎ᠤᠨ ᠲᠠᠷᠢᠶᠠᠴᠢᠨ ᠡᠷᠦᠬᠡ》 ᠵᠢᠨ ᠵᠠᠭᠪᠤᠷ ᠵᠶ᠋ᠠᠷ ᠳᠠᠮᠵᠢᠭᠤᠯᠤᠨ᠂ ᠡᠷᠬᠢᠨ ᠲᠣᠭᠤᠷᠢᠨ᠎ᠤ 100 ᠭᠠᠷᠤᠶ ᠡᠷᠦᠬᠡ ᠲᠣᠰᠬᠤᠨ᠎ᠤ ᠠᠷᠠᠳ᠎ᠢ ᠳᠠᠶ᠋ᠢᠴᠢᠯᠠᠨ ᠦᠵᠦᠮ ᠲᠠᠷᠢᠬᠤ ᠪᠠ ᠲᠡᠭᠦᠬᠦ ᠠᠵᠢᠯ᠎ᠳᠤ ᠣᠷᠣᠯᠴᠠᠭᠤᠯᠵᠤ᠂ ᠲᠤᠬᠠᠶ ᠵᠢᠨ ᠭᠠᠵᠠᠷ᠎ᠤᠨ ᠣᠯᠠᠨ ᠲᠦᠮᠡᠨ᠎ᠳᠤ ᠲᠣᠭᠲᠠᠪᠤᠷᠢᠲᠠᠶ ᠠᠵᠢᠯ᠎ᠤᠨ ᠪᠠᠶ᠋ᠢᠷᠢ ᠪᠠ ᠣᠷᠣᠯᠭ᠎ᠠ᠎ᠪᠠᠨ ᠨᠡᠮᠡᠭᠳᠡᠭᠦᠯᠬᠦ ᠠᠷᠭ᠎ᠠ ᠵᠠᠮ ᠬᠠᠩᠭ᠋ᠠᠭᠰᠠᠨ ᠪᠠᠶ᠋ᠢᠨ᠎ᠠ᠃

ᠲᠡᠭᠦᠬᠦ ᠠᠵᠢᠯᠴᠢᠨ ᠸᠠᠩ ᠱᠤᠸᠠᠨ ᠺᠧ ᠲᠡᠭᠦᠬᠦ ᠲᠤᠬᠠᠶ ᠵᠢᠨ ᠲᠠᠯᠠᠪᠤᠷ᠎ᠲᠤ ᠰᠤᠷᠪᠤᠯᠵᠢᠯᠠᠭᠴᠢ᠎ᠳᠤ᠄ 《ᠦᠵᠦᠮ ᠲᠡᠭᠦᠬᠦ᠎ᠳᠤ ᠴᠤ᠌ ᠠᠩᠬᠠᠷᠴᠤ ᠪᠣᠯᠤᠨ᠎ᠠ᠂ ᠣᠷᠢᠶᠠᠩᠭᠤ ᠵᠢᠨ ᠵᠡᠯ᠎ᠡ ᠳᠠᠭ᠋ᠠᠤ ᠬᠥᠩᠭᠡᠨ ᠬᠠᠭᠤᠳᠠᠮ ᠵᠶ᠋ᠠᠷ ᠮᠤᠯᠲᠤᠷᠠᠬᠤ ᠬᠡᠷᠡᠭᠲᠡᠶ᠂ ᠵᠢᠮᠢᠰ᠎ᠤᠨ ᠬᠠᠯᠢᠰᠤ ᠵᠢ ᠬᠠᠭᠤᠯᠵᠤ ᠪᠣᠯᠬᠤ ᠥᠬᠡᠶ᠃ ᠪᠢᠳᠡ ᠥᠷᠯᠥᠭᠡ ᠵᠢᠨ ᠳᠣᠯᠣᠭ᠋ᠠᠨ ᠴᠠᠭ ᠢᠯᠡᠭᠦᠦ᠎ᠳᠡᠭᠡᠨ ᠢᠷᠡᠵᠦ᠂ ᠰᠡᠷᠢᠭᠦᠨ ᠪᠠᠶ᠋ᠢᠬᠤ ᠦᠶ᠎ᠡ᠎ᠳᠤ ᠢᠯᠡᠭᠦᠦ ᠠᠵᠢᠯ ᠬᠢᠵᠦ᠂ ᠠᠷᠢᠬᠢᠨ ᠮᠤᠬᠤᠯᠠᠭ ᠢᠳᠡᠵᠦ ᠤᠤᠭᠤᠬᠤ᠂ ᠨᠢᠭᠡ ᠡᠳᠦᠷ ᠵᠠᠭᠤ ᠢᠯᠡᠭᠦᠦ ᠵᠣᠭᠣᠰ ᠣᠯᠵᠤ᠂ ᠡᠷᠭᠢᠨ ᠲᠣᠭᠣᠷᠢᠨ᠎ᠤ ᠣᠯᠠᠨ ᠬᠥᠮᠥᠰ ᠪᠦᠷ ᠢᠷᠡᠬᠦ ᠳᠤᠷᠠᠲᠠᠢ᠂ ᠡᠳᠡᠭᠡᠷ ᠦᠵᠦᠮ᠎ᠢ ᠦᠵᠡᠭᠡᠳ ᠮᠢᠨᠦ ᠳᠣᠲᠣᠷ᠎ᠠ ᠪᠠᠰᠠ ᠪᠠᠶᠠᠷᠯᠠᠳᠠᠭ ᠪᠠᠢ᠍ᠨ᠎ᠠ》 ᠭᠡᠪᠡ᠃

ᠣᠶ᠋ᠢᠯᠠᠭ᠋ᠠᠭᠰᠠᠨ ᠵᠶ᠋ᠠᠷ᠂ᠮᠦᠸᠧ ᠪᠧᠢ ᠵᠢᠨ ᠵᠢᠦᠸᠠᠢ ᠦᠵᠦᠮ ᠦ᠋᠊ᠨ ᠠᠷᠢᠬᠢᠨ ᠡᠳ᠋ᠯᠡᠩ ᠳ᠋ᠧᠩᠺᠸᠦ ᠰᠢᠶᠠᠨ᠎ᠤ ᠥᠪᠡᠷᠮᠢᠴᠡ ᠬᠡᠷᠡᠯ ᠢᠯᠴᠢ ᠵᠢᠨ ᠡᠬᠢ ᠪᠠᠶᠠᠯᠢᠭ ᠪᠠ ᠡᠯᠡᠰᠦᠷᠬᠡᠭ ᠬᠥᠷᠥᠰᠥᠨ᠎ᠳᠤ ᠲᠦᠰᠢᠭᠯᠡᠨ᠂ ᠪᠠᠷᠢᠮᠵᠢᠶᠠᠵᠢᠭᠰᠠᠨ ᠦᠵᠦᠮ᠎ᠤᠨ ᠬᠦᠷᠢᠶᠡᠯᠡᠩ᠎ᠢ 1000 ᠮᠥ᠍ ᠪᠠᠶ᠋ᠢᠭᠤᠯᠵᠤ᠂ ᠵᠢᠯ᠎ᠳᠤ 800 ᠭᠠᠷᠤᠶ ᠲᠣᠨ ᠴᠢᠨᠠᠷ ᠰᠠᠶ᠋ᠢᠲᠠᠶ ᠦᠵᠦᠮ᠎ᠶ᠋ᠢᠨ ᠠᠷᠢᠬᠢ ᠨᠡᠷᠡᠵᠤ  ᠦᠢ᠍ᠯᠡᠳᠪᠦᠷᠢᠯᠡᠵᠡᠢ᠃

ᠥᠪᠥᠷ ᠮᠣᠩᠭᠣᠯ᠎ᠤᠨ ᠮᠦᠸᠧ ᠪᠧᠢ ᠵᠢᠨ ᠵᠢᠦᠸᠠᠢ ᠦᠵᠦᠮ  ᠠᠷᠢᠬᠢᠨ ᠵᠤᠸᠠᠩ᠎ᠤᠨ ᠬᠠᠷᠢᠭᠤᠴᠠᠯᠭ᠋ᠠᠲᠠᠨ ᠵᠠᠩ ᠶᠠ ᠹᠧᠩ ᠦ᠋᠊ᠨ ᠲᠠᠨᠢᠯᠴᠠᠭᠤᠯᠤᠭᠰᠠᠨ ᠵᠶ᠋ᠠᠷ᠂  ᠮᠦᠸᠧ ᠪᠧᠢ ᠵᠢᠨ ᠵᠢᠦᠸᠠᠢ ᠦᠵᠦᠮ ᠦ᠋᠊ᠨ ᠠᠷᠢᠬᠢ ᠵᠢᠨ ᠡᠳ᠋ᠯᠡᠩ ᠠᠷᠢᠬᠢ ᠨᠡᠷᠡᠬᠦ ᠦᠵᠦᠮ ᠪᠠᠷᠤᠭ 1000 ᠮᠦ᠍ ᠲᠠᠷᠢᠵᠤ᠂ ᠡᠨᠡ ᠵᠢᠯ ᠦ᠋᠊ᠨ ᠲᠡᠭᠦᠬᠦ ᠠᠵᠢᠯ 9 ᠰᠠᠷ᠎ᠠ ᠵᠢᠨ ᠡᠬᠢᠨ᠎ᠠᠴᠠ ᠡᠬᠢᠯᠡᠵᠦ᠂ ᠣᠳᠣᠬᠠᠨ᠎ᠳᠤ ᠱ᠌ᠢᠶᠠ ᠳ᠋ᠦᠸᠧ ᠯᠢ ᠦᠵᠦᠮ 30 ᠭᠠᠷᠤᠢ ᠲᠤᠨ ᠲᠡᠭᠦᠵᠦ ᠪᠠᠢ᠍ᠨ᠎ᠠ᠃ ᠬᠡᠷᠡᠯ᠎ᠤᠨ ᠲᠤᠰᠤᠯᠲᠠ ᠭᠦᠢ᠍ᠴᠡᠳ᠂ ᠡᠳᠦᠷ ᠰᠦᠨᠢ ᠵᠢᠨ ᠳᠤᠯᠠᠭ᠋ᠠᠨ᠎ᠤ ᠵᠥᠷᠢᠶ᠎ᠡ ᠶᠡᠭᠡ ᠵᠡᠷᠭᠡ ᠴᠢᠨᠠᠷ ᠰᠠᠶ᠋ᠢᠲᠠᠶ ᠨᠥᠬᠦᠴᠡᠯ᠎ᠠᠴᠠ ᠪᠣᠯᠵᠣ᠂ ᠡᠨᠡ ᠵᠢᠯ᠎ᠤᠨ ᠦᠵᠦᠮ᠎ᠤᠨ ᠤᠷᠭᠤᠴᠠ ᠣᠨᠴᠠᠭ᠋ᠠᠶ ᠰᠠᠶ᠋ᠢᠨ ᠪᠠᠶ᠋ᠢᠵᠤ᠂ ᠶᠠᠰᠤ ᠴᠢᠨᠠᠷ ᠥᠩᠭᠡᠷᠡᠭᠰᠡᠨ ᠵᠢᠯ᠎ᠤᠳ᠎ᠤᠨ᠎ᠬᠢ᠎ᠠᠴᠠ ᠨᠠᠩ ᠰᠠᠶ᠋ᠢᠨ ᠪᠣᠯᠵᠠᠶ᠃

ᠣᠶ᠋ᠢᠯᠠᠭ᠋ᠠᠭᠰᠠᠨ ᠵᠶ᠋ᠠᠷ᠂ ᠡᠨᠡ ᠵᠢᠯ ᠲᠡᠭᠦᠬᠦ ᠦᠵᠦᠮ ᠴᠠᠭ ᠲᠤᠬᠠᠶ᠎ᠳᠤᠨᠢ ᠦᠢ᠍ᠯᠡᠳᠪᠦᠷᠢ ᠵᠢᠨ ᠲᠠᠰᠤᠭ᠎ᠲᠤ ᠬᠦᠷᠭᠡᠵᠦ᠂ ᠵᠠᠯᠭ᠋ᠠᠭ᠋ᠠᠳ ᠠᠷᠢᠬᠢᠨ ᠫᠦᠰᠡ ᠠᠷᠢᠬᠢ ᠨᠡᠷᠡᠬᠦ ᠶᠠᠪᠤᠴᠠ ᠵᠢ ᠡᠬᠢᠯᠡᠭᠦᠯᠵᠦ᠂ ᠵᠢᠱ᠌ᠢᠯᠲᠡ᠎ᠪᠠᠷ ᠡᠨᠡ ᠵᠢᠯ 500 ᠭᠠᠷᠤᠶ ᠲᠣᠨ ᠴᠢᠨᠠᠷ ᠰᠠᠶ᠋ᠢᠲᠠᠶ ᠦᠵᠦᠮ᠎ᠤᠨ ᠠᠷᠢᠬᠢ ᠨᠡᠷᠡᠵᠦ᠂ ᠦᠢ᠍ᠯᠡᠳᠬᠦᠨ᠎ᠢ ᠪᠥᠬᠦ ᠤᠯᠤᠰ᠎ᠤᠨ ᠡᠯ᠎ᠡ ᠭᠠᠵᠠᠷ᠎ᠲᠤ ᠪᠣᠷᠣᠯᠠᠭᠤᠯᠵᠤ᠂ ᠨᠠᠩ ᠣᠯᠠᠨ ᠬᠥᠮᠦᠨ᠎ᠳᠤ ᠳ᠋ᠧᠩᠺᠸᠦ᠎ᠠᠴᠠ ᠢᠷᠡᠭᠰᠡᠨ 《ᠨᠠᠮᠤᠷ ᠰᠠᠶ᠋ᠢᠬᠠᠨ ᠨᠡᠷᠡᠮᠡᠯ》 ᠎ᠢ ᠠᠮᠲᠠᠯᠠᠭᠤᠯᠬᠤ ᠪᠣᠯᠤᠨ᠎ᠠ᠃

ᠣᠳᠣᠬᠠᠨ᠎ᠳᠤ᠂ ᠳ᠋ᠧᠩᠺᠸᠤ ᠰᠢᠶᠠᠨ᠎ᠤ ᠦᠵᠦᠮ᠎ᠢ ᠲᠡᠭᠦᠵᠦ ᠬᠤᠷᠢᠶᠠᠬᠤ ᠠᠵᠢᠯ ᠮᠥᠨ ᠬᠦ᠌ ᠦᠷᠭᠦᠯᠵᠢᠯᠡᠭᠰᠡᠭᠡᠷ ᠪᠠᠶ᠋ᠢᠨ᠎ᠠ᠂ ᠡᠨᠡᠬᠦ ᠭᠤᠪᠢ ᠳᠡᠭᠡᠷᠡᠬᠢ ᠦᠵᠦᠮ᠎ᠤᠨ ᠬᠦᠷᠢᠶᠡᠯᠡᠩ᠎ᠨᠢ ᠲᠡᠭᠦᠰ ᠲᠡᠭᠦᠯᠳᠡᠷ ᠦᠷ᠎ᠡ ᠪᠦᠲᠦᠭᠡᠯ ᠭᠠᠷᠭ᠋ᠠᠭᠰᠠᠨ ᠵᠶ᠋ᠠᠷ ᠪᠠᠷᠠᠬᠤ ᠦᠭᠡᠢ᠂ ᠨᠡᠩ ᠴᠤ᠌ ᠲᠤᠬᠠᠢ ᠵᠢᠨ ᠭᠠᠵᠠᠷ᠎ᠤᠨ ᠤᠯᠠᠨ ᠲᠦᠮᠡᠨ᠎ᠤ ᠪᠠᠶᠠᠵᠢᠨ ᠴᠢᠨᠡᠭᠡᠯᠢᠭᠵᠢᠬᠦ ᠬᠦᠰᠡᠯ ᠡᠷᠡᠮᠡᠯᠵᠡᠯ᠎ᠢ ᠢᠯᠡᠷᠡᠭᠦᠯᠵᠦ᠂ ᠬᠥᠳᠡᠭᠡ ᠲᠣᠰᠬᠤᠨ᠎ᠢ ᠬᠥᠭᠵᠢᠭᠦᠯᠦᠨ ᠮᠠᠨᠳᠤᠭᠤᠯᠬᠤ᠎ᠳᠤ ᠲᠠᠰᠤᠷᠠᠯᠳᠡ ᠦᠭᠡᠢ ᠵᠣᠯ ᠵᠢᠷᠭ᠋ᠠᠯ ᠪᠠ ᠠᠮᠢᠵᠢᠷᠠᠯ᠎ᠤᠨ ᠬᠦᠴᠦᠨ᠎ᠢ ᠨᠡᠮᠡᠷᠢᠯᠡᠵᠡᠢ᠃

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ