ᠲᠡᠷᠢᠭᠦᠨ ᠬᠠᠭᠤᠳᠠᠰᠤ   -   ᠰᠤᠮᠤ ᠪᠠᠯᠭᠠᠰᠤᠨ᠎ᠤ ᠰᠣᠨᠢᠨ ᠮᠡᠳᠡᠭᠡ

ᠪᠠᠶᠠᠨᠭᠣᠣᠯ ᠪᠠᠯᠭ᠋ᠠᠰᠤᠨ᠎ᠤ ᠱ᠌ᠢ ᠬᠤᠸᠠᠨ ᠨᠡᠢ᠍ᠭᠡᠮ ᠲᠣᠭᠣᠷᠢᠭ᠄ ᠨᠠᠢ᠍ᠮᠠᠳᠤᠭ᠋ᠠᠷ ᠬᠡᠰᠡᠭ᠎ᠤᠨ ᠨᠡᠢ᠍ᠲᠡ ᠵᠢᠨ ᠠᠰᠠᠷᠠᠮᠵᠢ ᠵᠢᠨ ᠬᠢᠴᠢᠶᠡᠯ ᠤᠳᠠᠯ ᠦᠭᠡᠢ ᠡᠬᠢᠯᠡᠬᠦ ᠭᠡᠵᠦ ᠪᠠᠢ᠍ᠨ᠎ᠠ!

ᠨᠡᠶ᠋ᠢᠲᠡᠯᠡᠭᠰᠡᠨ ᠴᠠᠭ᠄   2025-06-10

      ᠬᠠᠶ᠋ᠢᠷᠠᠲᠤ ᠰᠠᠭᠤᠭ᠋ᠠᠯᠢ ᠠᠷᠠᠳ ᠨᠠᠶ᠋ᠢᠵᠠ ᠨᠠᠷ ᠡ᠄
      ᠲᠦᠷᠭᠡᠨ ᠠᠶ᠋ᠢᠵᠠᠮ᠎ᠲᠠᠢ ᠣᠳᠣ ᠦᠶ᠎ᠡ ᠵᠢᠨ ᠠᠮᠢᠳᠤᠷᠠᠯ ᠳᠤᠮᠳᠠ᠂ ᠲᠠ ᠨᠢᠭᠡ ᠡᠷᠡᠭᠦᠯ ᠴᠢᠭᠢᠷᠠᠭ ᠪᠡᠶ᠎ᠡ ᠮᠠᠬᠠᠪᠤᠳ᠎ᠲᠠᠢ ᠪᠣᠯᠬᠤ ᠵᠢ ᠬᠦᠰᠡᠵᠦ ᠪᠠᠶ᠋ᠢᠨ᠎ᠠ ᠤᠤ? ᠭᠡᠲᠡᠯ᠎ᠡ ᠬᠡᠵᠢᠶᠡᠳᠡ ᠲᠣᠬᠢᠷᠠᠮᠵᠢᠲᠠᠢ ᠲᠠᠮᠢᠷ᠎ᠤᠨ ᠠᠷᠭ᠎ᠠ ᠬᠡᠮᠵᠢᠶ᠎ᠡ ᠳᠤᠲᠠᠨ᠎ᠠ ᠤᠤ? ᠪᠢᠲᠡᠭᠡᠢ ᠵᠣᠪᠠ᠂ ᠰᠢ ᠬᠤᠸᠠᠨ ᠨᠡᠶ᠋ᠢᠭᠡᠮ ᠲᠣᠭᠤᠷᠢᠭ ᠣᠯᠠᠨ᠎ᠳᠤ ᠠᠰᠠᠷᠠᠮᠵᠢ ᠬᠦᠷᠭᠡᠵᠡᠢ᠃ 《ᠪᠡᠶ᠎ᠡ ᠵᠢᠨ ᠬᠦᠨᠳᠦ ᠵᠢᠨ ᠬᠠᠮᠢᠶᠠᠷᠤᠯᠲᠠ ᠵᠢᠨ ᠣᠨ》᠎ᠤ ᠤᠷᠢᠶᠠᠯᠠᠭ᠎ᠠ ᠵᠢ ᠢᠳᠡᠪᠬᠢᠲᠡᠢ ᠴᠤᠤᠷᠢᠶᠠᠲᠤᠨ ᠳᠠᠭ᠋ᠠᠵᠤ᠂ ᠤᠯᠠᠨ᠎ᠤ ᠪᠡᠶ᠎ᠡ ᠮᠠᠬᠠᠪᠣᠳ᠎ᠤᠨ ᠬᠡᠪ ᠴᠢᠨᠠᠷ᠎ᠢ ᠴᠢᠩᠭ᠋ᠠᠳᠬᠠᠵᠤ᠂ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠪᠠᠳᠠᠷᠠᠭᠤᠯᠬᠤ ᠵᠢᠨ ᠲᠥᠯᠥᠭᠡ᠂ ᠰᠢ ᠬᠤᠸᠠᠨ ᠨᠡᠶ᠋ᠢᠭᠡᠮ ᠲᠣᠭᠤᠷᠢᠭ ᠣᠨᠴᠠᠭ᠋ᠠᠶ᠋ᠢᠯᠠᠨ ᠨᠠᠢ᠍ᠮᠠᠨ ᠬᠡᠰᠡᠭ ᠵᠢᠨ ᠨᠡᠶ᠋ᠢᠲᠡ ᠵᠢᠨ ᠠᠰᠠᠷᠠᠮᠵᠢ ᠵᠢᠨ ᠬᠢᠴᠢᠶᠡᠯ ᠨᠡᠭᠡᠭᠡᠵᠦ᠂ ᠰᠠᠭᠤᠭ᠋ᠠᠯᠢ ᠠᠷᠠᠳ ᠨᠠᠶ᠋ᠢᠵᠠ ᠨᠠᠷ᠎ᠢ ᠢᠳᠡᠪᠬᠢᠲᠡᠢ ᠤᠷᠢᠵᠤ ᠢᠳᠡᠪᠬᠢᠲᠡᠢ ᠣᠷᠣᠯᠴᠠᠭᠤᠯᠪᠠ!
      ᠨᠠᠢ᠍ᠮᠠᠨ ᠬᠡᠰᠡᠭ᠎ᠨᠢ ᠬᠢᠲᠠᠳ᠎ᠤᠨ ᠤᠯᠠᠮᠵᠢᠯᠠᠯᠲᠤ ᠡᠷᠡᠭᠦᠯ ᠮᠡᠨᠳᠦ ᠵᠢ ᠬᠠᠮᠠᠭ᠋ᠠᠯᠠᠬᠤ ᠡᠷᠳᠡᠮ ᠪᠣᠯᠤᠭᠰᠠᠨ᠎ᠤ ᠬᠤᠪᠢ᠎ᠳᠤ᠂ ᠤᠷᠲᠤ ᠤᠳᠠᠭ᠋ᠠᠨ ᠲᠡᠦᠬᠡ᠎ᠲᠠᠢ ᠪᠠᠢ᠍ᠵᠤ᠂ ᠬᠢᠲᠠᠳ ᠡᠮᠨᠡᠯᠭᠡ ᠵᠢᠨ ᠰᠤᠳᠠᠯ᠎ᠤᠨ ᠣᠨᠣᠯ ᠪᠣᠯᠤᠨ ᠤᠯᠠᠮᠵᠢᠯᠠᠯᠲᠤ ᠵᠡᠪᠰᠡᠭ᠎ᠤᠨ ᠡᠷᠳᠡᠮ᠎ᠤᠨ ᠭᠣᠣᠯ ᠴᠢᠮᠥᠭᠡ ᠵᠢ ᠠᠭᠤᠰᠭ᠋ᠠᠭᠰᠠᠨ ᠪᠠᠢ᠍ᠨ᠎ᠠ᠃ ᠲᠡᠷᠡ᠎ᠨᠢ ᠤᠶᠠᠨ ᠵᠥᠭᠡᠯᠡᠨ ᠵᠶ᠋ᠠᠷ ᠰᠤᠷᠴᠤ᠂ ᠠᠮᠠᠷᠬᠠᠨ ᠰᠤᠷᠴᠤ᠂ ᠲᠠᠮᠢᠷ ᠲᠡᠩᠬᠡᠭᠡ ᠵᠢ ᠰᠠᠶ᠋ᠢᠵᠢᠷᠠᠭᠤᠯᠵᠤ᠂ ᠪᠡᠶ᠎ᠡ ᠰᠡᠳᠬᠢᠯ᠎ᠢ᠎ᠨᠢ ᠴᠢᠭᠢᠷᠠᠭᠵᠢᠭᠤᠯᠬᠤ᠎ᠪᠠᠷ ᠪᠠᠷᠠᠬᠤ ᠊ᠦᠭᠡᠢ ᠪᠠᠰᠠ ᠪᠡᠶ᠎ᠡ ᠰᠡᠳᠬᠢᠯ᠎ᠢ᠎ᠨᠢ ᠲᠣᠬᠢᠷᠠᠭᠤᠯᠵᠤ᠂ ᠳᠠᠷᠤᠯᠲᠠ ᠵᠢ᠎ᠨᠢ ᠨᠠᠮᠳᠠᠭᠤᠯᠵᠤ᠂ ᠨᠠᠰᠤ ᠵᠢᠯ᠎ᠨᠢ ᠲᠣᠬᠢᠷᠠᠭᠰᠠᠨ ᠣᠷᠣᠰᠢᠨ ᠰᠠᠭᠤᠭᠴᠢᠳ᠎ᠤᠨ ᠳᠠᠰᠬᠠᠯ᠎ᠢ ᠬᠢᠬᠦ ᠪᠣᠯᠤᠨ᠎ᠠ᠃ ᠪᠡᠶ᠎ᠡ ᠮᠠᠬᠠᠪᠣᠳ ᠵᠶ᠋ᠠᠨ ᠴᠢᠭᠢᠷᠠᠭᠵᠢᠭᠤᠯᠬᠤ ᠰᠠᠨᠠᠭ᠎ᠠ᠎ᠲᠠᠢ ᠵᠠᠯᠠᠭᠤ ᠬᠥᠮᠦᠰ ᠴᠦ᠍ ᠲᠡᠷᠡ᠂ ᠪᠡᠶ᠎ᠡ ᠰᠤᠪᠢᠯᠠᠵᠤ ᠡᠷᠡᠭᠦᠯ ᠮᠡᠨᠳᠦ ᠵᠢ ᠴᠢᠬᠤᠯᠠᠴᠢᠯᠠᠬᠤ ᠢᠳᠡᠷ ᠨᠠᠰᠤᠲᠠᠢ᠍ᠴᠤᠳ ᠴᠤ ᠲᠡᠷᠡ᠂ ᠪᠦᠷ ᠨᠠᠢ᠍ᠮᠠᠨ ᠬᠡᠰᠡᠭ ᠬᠡᠮᠡᠷᠯᠢᠭ᠎ᠠᠴᠠ ᠥᠪᠡᠷ᠎ᠤᠨ ᠡᠷᠡᠭᠦᠯ ᠮᠡᠨᠳᠦ ᠵᠢᠨ ᠨᠢᠭᠤᠴᠠ ᠨᠣᠮᠧᠷ᠎ᠢ ᠣᠯᠵᠤ ᠴᠢᠳᠠᠨ᠎ᠠ᠃

苏木20250611.jpg


      01 ᠬᠢᠴᠢᠶᠡᠯ᠎ᠤᠨ ᠨᠠᠷᠢᠨ ᠪᠠᠶ᠋ᠢᠳᠠᠯ
      ᠬᠢᠴᠢᠶᠡᠯᠯᠡᠬᠦ ᠴᠠᠭ᠄ 2025 ᠣᠨ᠎ᠤ 6 ᠳ᠋ᠤᠭ᠋ᠠᠷ ᠰᠠᠷ᠎ᠠ ᠵᠢᠨ 11-13᠎ᠤ ᠡᠳᠦᠷ ᠡᠳᠦᠷ ᠪᠦᠷᠢ ᠵᠢᠨ ᠦᠳᠡ ᠵᠢᠨ ᠡᠮᠦᠨᠡᠬᠢ 8᠄ 40-9᠄ 10
      ᠬᠢᠴᠢᠶᠡᠯᠯᠡᠬᠦ ᠭᠠᠵᠠᠷ᠄ ᠰᠢ ᠬᠤᠸᠠᠨ ᠨᠡᠶ᠋ᠢᠭᠡᠮ ᠲᠣᠭᠤᠷᠢᠭ᠎ᠤᠨ ᠬᠤᠶᠠᠳᠤᠭ᠋ᠠᠷ ᠳᠠᠪᠬᠤᠷᠯᠢᠭ᠎ᠤᠨ ᠪᠡᠶ᠎ᠡ ᠵᠢᠨ ᠲᠠᠮᠢᠷ᠎ᠤᠨ ᠬᠥᠳᠡᠯᠭᠡᠭᠡᠨ᠎ᠤ ᠪᠡᠶ᠎ᠡ ᠴᠢᠭᠢᠷᠠᠭᠵᠢᠭᠤᠯᠬᠤ ᠲᠥᠪ
      ᠬᠢᠴᠢᠶᠡᠯᠯᠡᠬᠦ ᠪᠠᠭᠰᠢ᠄ ᠰᠢ ᠬᠤᠸᠠᠨ ᠨᠡᠶ᠋ᠢᠭᠡᠮ ᠲᠣᠭᠤᠷᠢᠭ᠎ᠤᠨ ᠴᠤᠤ ᠰᠢᠶᠠ ᠡᠷᠡᠭᠦᠯ ᠬᠠᠮᠠᠭ᠋ᠠᠯᠠᠯ᠎ᠤᠨ ᠦᠢ᠍ᠯᠡᠴᠢᠯᠡᠭᠡᠨ᠎ᠤ ᠥᠷᠲᠡᠭᠡᠨ᠎ᠤ ᠬᠢᠲᠠᠳ ᠡᠮᠨᠡᠯᠭᠡ ᠵᠢᠨ ᠡᠮᠴᠢ ᠰᠢᠶᠧ ᠬᠠᠢ ᠰᠢᠶᠠ
      02 ᠨᠡᠷ᠎ᠡ ᠮᠡᠳᠡᠭᠦᠯᠬᠦ ᠬᠡᠯᠪᠡᠷᠢ
      ᠬᠡᠷᠡᠭ᠎ᠤᠨ ᠲᠠᠯᠠᠪᠠᠢ᠎ᠳᠤ ᠨᠡᠷ᠎ᠡ ᠮᠡᠳᠡᠭᠦᠯᠪᠡᠯ ᠪᠣᠯᠴᠢᠬᠠᠨ᠎ᠠ
      03 ᠠᠩᠬᠠᠷᠬᠤ ᠵᠦᠢ᠍ᠯ
      1. ᠲᠣᠰ ᠤᠳᠠᠭ᠋ᠠᠨ᠎ᠤ ᠬᠢᠴᠢᠶᠡᠯ ᠪᠣᠯ ᠨᠡᠶ᠋ᠢᠲᠡ ᠵᠢᠨ ᠠᠰᠠᠷᠠᠮᠵᠢ ᠵᠢᠨ ᠴᠢᠨᠠᠷᠲᠠᠶ ᠬᠢᠴᠢᠶᠡᠯ ᠮᠥᠨ᠂ ᠶᠠᠮᠠᠷ ᠴᠤ᠌ ᠰᠦᠢ᠍ᠳᠬᠡᠯ ᠬᠤᠷᠢᠶᠠᠬᠤ ᠥᠬᠡᠶ᠃
      2. ᠠᠭᠤᠵᠢᠭᠤ ᠲᠠᠯᠪᠢᠭᠤ ᠬᠥᠳᠡᠯᠭᠡᠭᠡᠨᠲᠦ ᠬᠤᠪᠴᠠᠰᠤ ᠪᠠ ᠬᠥᠳᠡᠯᠭᠡᠭᠡᠨᠲᠦ ᠱᠠᠬᠠᠢ ᠡᠮᠦᠰᠴᠦ ᠬᠢᠴᠢᠶᠡᠯ ᠣᠷᠣᠬᠤ᠂ ᠴᠢᠯᠦᠭᠡᠲᠡᠢ ᠬᠥᠳᠡᠯᠭᠡᠭᠡᠨ ᠬᠢᠬᠦ᠎ᠳᠤ ᠳᠥᠭᠥᠮ ᠪᠣᠯᠭ᠋ᠠᠭ᠋ᠠᠷᠠᠢ᠃
      3. ᠬᠢᠴᠢᠶᠡᠯ ᠡᠬᠢᠯᠡᠬᠦ᠎ᠠᠴᠠ ᠡᠮᠦᠨ᠎ᠡ 10-15 ᠮᠢᠨᠦ᠋ᠲ ᠤᠷᠢᠳᠴᠢᠯᠠᠨ ᠲᠠᠯᠠᠪᠤᠷ᠎ᠲᠤ ᠬᠦᠷᠴᠦ᠂ ᠪᠡᠯᠡᠳᠬᠡᠯ ᠠᠵᠢᠯ ᠵᠶ᠋ᠠᠨ ᠰᠠᠶ᠋ᠢᠨ ᠬᠢᠭᠡᠷᠡᠢ᠃
      4. ᠬᠢᠴᠢᠶᠡᠯ᠎ᠤᠨ ᠲᠠᠩᠬᠢᠮ ᠳᠡᠭᠡᠷ᠎ᠡ ᠰᠠᠬᠢᠯᠭ᠎ᠠ ᠪᠠᠲᠤ ᠵᠢ ᠵᠢᠷᠤᠮᠯᠠᠵᠤ᠂ ᠪᠠᠭᠰᠢ ᠵᠢᠨ ᠵᠢᠯᠤᠭᠤᠳᠤᠯᠭ᠎ᠠ ᠵᠢ ᠲᠠᠭ᠋ᠠᠨ᠎ᠠ᠂ ᠬᠡᠷᠪᠡ ᠪᠡᠶ᠎ᠡ ᠡᠪ ᠦᠭᠡᠢ ᠪᠤᠶᠤ ᠣᠨᠴᠠᠭ᠋ᠠᠢ ᠪᠠᠶ᠋ᠢᠳᠠᠯ᠎ᠲᠠᠢ ᠪᠣᠯ ᠴᠠᠭ ᠲᠤᠬᠠᠢ᠎ᠳᠤᠨᠢ ᠪᠠᠭᠰᠢ᠎ᠳᠠᠭᠠᠨ ᠬᠡᠯᠡᠭᠡᠷᠡᠢ᠃
      ᠨᠠᠢ᠍ᠮᠠᠳᠤᠭ᠋ᠠᠷ ᠬᠡᠰᠡᠭ ᠵᠢᠨ ᠨᠡᠶ᠋ᠢᠲᠡ ᠵᠢᠨ ᠠᠰᠠᠷᠠᠮᠵᠢ ᠵᠢᠨ ᠬᠢᠴᠢᠶᠡᠯ᠎ᠨᠢ ᠪᠡᠶ᠎ᠡ᠎ᠪᠠᠨ ᠪᠣᠯᠪᠠᠰᠤᠷᠠᠭᠤᠯᠬᠤ ᠲᠣᠬᠢᠶᠠᠯ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠣᠯ᠎ᠢ ᠤᠯᠠᠮᠵᠢᠯᠠᠨ ᠵᠠᠯᠭ᠋ᠠᠮᠵᠢᠯᠠᠬᠤ ᠠᠶᠠᠨ ᠵᠠᠮ ᠪᠣᠯᠤᠨ᠎ᠠ᠃ ᠡᠨᠳᠡ ᠲᠠ ᠨᠢᠭᠡ ᠪᠦᠯᠦᠭ ᠵᠣᠷᠢᠭ ᠨᠢᠭᠡᠳᠦᠭᠰᠡᠨ ᠨᠠᠶ᠋ᠢᠵᠠ᠎ᠲᠠᠢ᠎ᠪᠠᠨ ᠲᠠᠨᠢᠯᠴᠠᠵᠤ᠂ ᠬᠠᠮᠲᠤ ᠨᠠᠢ᠍ᠮᠠᠳᠤᠭ᠋ᠠᠷ ᠬᠡᠰᠡᠭ ᠵᠢᠨ ᠳᠡᠯᠡᠬᠡᠢ ᠶᠢᠷᠲᠢᠨᠴᠤ᠎ᠳᠤ ᠪᠡᠶ᠎ᠡ ᠰᠡᠳ᠋ᠬᠢᠯ᠎ᠤᠨ ᠪᠠᠶᠠᠷ ᠪᠠᠶᠠᠰᠤᠯ ᠲᠠᠶ᠋ᠢᠪᠤᠭᠤ ᠰᠡᠳ᠋ᠬᠢᠯ᠎ᠢ ᠮᠡᠳᠡᠷᠡᠵᠦ ᠪᠠᠶ᠋ᠢᠨ᠎ᠠ᠃ ᠬᠤᠷᠳᠤᠨ ᠢᠷᠡᠵᠦ ᠪᠢᠳᠡᠨ᠎ᠳᠤ ᠣᠷᠣ᠂ ᠪᠢᠳᠡ ᠬᠠᠮᠲᠤ ᠡᠷᠡᠭᠦᠯ ᠠᠷᠭ᠎ᠠ᠎ᠪᠠᠷ ᠰᠠᠢ᠍ᠨ ᠰᠠᠢ᠍ᠬᠠᠨ ᠠᠮᠢᠳᠤᠷᠠᠯ᠎ᠢ ᠤᠭᠲᠤᠶ᠎ᠠ!

ᠢᠷᠡᠯᠲᠡ᠄ ᠳ᠋ᠸᠩᠺᠸᠦ ᠰᠢᠶᠠᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ