ᠲᠡᠷᠢᠭᠦᠨ ᠬᠠᠭᠤᠳᠠᠰᠤ   -   ᠤᠷᠥᠨ ᠠᠶ᠋ᠢᠮᠠᠭ ᠬᠤᠲᠠ᠎ᠶᠢᠨ ᠰᠣᠨᠢᠨ ᠮᠡᠳᠡᠭᠡ

ᠬᠦᠢᠳᠡᠨ ᠤᠷᠤᠰᠬᠠᠯ ᠬᠡᠴᠡᠬᠦᠤ ᠴᠦ᠍ ᠬᠦᠳᠡᠬᠡ᠎ᠶᠢᠨ ᠦᠢᠯᠡᠳᠪᠤᠷᠢᠯᠡᠯ ᠲᠤᠭᠳᠠᠭᠤᠨ

ᠨᠡᠶ᠋ᠢᠲᠡᠯᠡᠭᠰᠡᠨ ᠴᠠᠭ᠄   2026-01-30

1 ᠰᠠᠷ᠎ᠠ᠎ᠶᠢᠨ 17᠎ᠦ ᠡᠳᠤᠷ ᠡᠴᠡ ᠡᠬᠢᠯᠡᠨ ᠰᠢᠨ᠎ᠡ ᠨᠢᠭᠡᠨ ᠡᠭᠡᠯᠵᠢ᠎ᠶᠢᠨ ᠬᠦᠢᠲᠡᠨ ᠤᠷᠤᠰᠬᠠᠯ ᠪᠠᠷᠠᠭᠤᠨ ᠡᠴᠡ ᠵᠡᠬᠦᠨᠰᠢ ᠮᠠᠨ᠎ᠦ ᠤᠷᠤᠨ᠎ᠳᠦ ᠲᠦᠷᠢᠨ ᠤᠷᠤᠵᠤ᠂ ᠪᠦᠬᠦ ᠤᠷᠤᠨ᠎ᠤ ᠶᠡᠬᠡᠡᠭᠬᠢ ᠭᠠᠵᠠᠷ᠎ᠤᠨ ᠠᠭᠠᠷ᠎ᠤᠨ ᠳᠤᠯᠠᠭᠠᠨ ᠶᠡᠬᠡ ᠬᠡᠮᠵᠢᠶ᠎ᠡ᠎ᠪᠠᠷ ᠪᠠᠭᠤᠷᠠᠪᠠ᠃ ᠢᠯᠠᠩᠭᠤᠶ᠎ᠠ ᠬᠦᠬᠡᠬᠤᠳᠠ᠂ ᠪᠤᠭᠤᠳᠤ ᠬᠤᠳᠠ᠂ ᠪᠠᠶᠠᠠᠨᠠᠭᠤᠷ ᠬᠤᠳᠠ᠂ ᠤᠯᠠᠭᠠᠨᠴᠠᠪ᠎ᠤᠨ ᠬᠤᠢᠳᠤ ᠪᠠᠶ᠎ᠠ ᠵᠡᠷᠬᠡ ᠭᠠᠵᠠᠷ ᠤᠷᠤᠨ᠎ᠤ ᠬᠠᠮᠤᠭ᠎ᠤᠨ ᠲᠤᠤᠷ᠎ᠠ ᠠᠭᠠᠷ᠎ᠤᠨ ᠲᠤᠯᠠᠭᠠᠨ ᠲᠡᠭ ᠡᠴᠡ ᠲᠤᠷᠤᠭᠰᠢ 25 ᠭᠷᠠᠳᠦ᠋ᠰ ᠬᠦᠷᠳᠡᠯ᠎ᠠ ᠪᠠᠭᠤᠷᠠᠨ᠂ ᠰᠢᠯᠢ᠎ᠶᠢᠨ ᠭᠤᠤᠯ ᠠᠢᠮᠠᠭ᠎ᠤᠨ ᠵᠡᠬᠦᠨ ᠡᠮᠤᠨ᠎ᠠ ᠪᠠᠶ᠎ᠠ᠂ ᠤᠯᠠᠭᠠᠨᠬᠠᠳᠠ ᠬᠤᠳᠠ ᠵᠢᠴᠢ ᠬᠦᠯᠦᠨ ᠪᠤᠢᠷ ᠬᠤᠳᠠ᠎ᠶᠢᠨ ᠠᠭᠤᠯᠠᠷᠬᠠᠭ ᠤᠷᠤᠨ᠎ᠦ ᠬᠠᠮᠤᠭ᠎ᠤᠨ ᠲᠤᠤᠷ᠎ᠠ ᠠᠭᠠᠷ᠎ᠤᠨ ᠲᠤᠯᠠᠭᠠᠨ ᠲᠡᠭ ᠡᠴᠡ ᠲᠤᠷᠤᠭᠰᠢ 40 ᠭᠷᠠᠳᠦ᠋ᠰ᠎ᠢ ᠲᠠᠪᠠᠵᠤ᠂ ᠬᠦᠳᠡᠬᠡ ᠨᠤᠳᠤᠭ᠎ᠤᠨ ᠮᠠᠯ ᠠᠵᠤ ᠠᠬᠤᠢ ᠲᠠᠷᠢᠶᠠᠯᠠᠡᠭ᠎ᠤᠨ ᠦᠢᠯᠡᠳᠪᠦᠷᠢᠯᠡᠯ᠎ᠳᠤ ᠬᠦᠨᠳᠤ ᠬᠡᠴᠡᠭᠦᠦ ᠰᠢᠯᠭᠠᠯᠲᠠ᠎ᠶᠢ ᠠᠪᠴᠢᠷᠠᠪᠠ᠃

ᠦᠪᠤᠷ ᠮᠤᠩᠭᠤᠯ᠎ᠤᠨ ᠦᠪᠡᠷᠳᠡᠬᠡᠨ ᠵᠠᠰᠠᠬᠤ ᠤᠷᠤᠨ᠎ᠤ ᠲᠠᠷᠢᠶᠠᠯᠠᠩ ᠮᠠᠯ ᠠᠵᠤ ᠠᠬᠤᠢ ᠪᠠ ᠬᠦᠳᠡᠬᠡ ᠲᠤᠰᠬᠤᠨ ᠮᠠᠯᠵᠢᠬᠤ ᠤᠷᠤᠨ᠎ᠤ ᠲᠢᠩᠬᠢᠮ ᠡᠴᠡ ᠤᠢᠯᠠᠭᠠᠭᠰᠠᠨ᠎ᠢᠶᠠᠷ᠂ ᠪᠦᠬᠦ ᠤᠷᠤᠨ᠎ᠤ ᠡᠯ᠎ᠡ ᠭᠠᠵᠠᠷ ᠡᠯ᠎ᠡ ᠰᠠᠯᠠᠭ᠎ᠠ ᠮᠦᠴᠢᠷ᠎ᠤᠨ ᠬᠢᠨ ᠬᠦᠢᠳᠡᠨ ᠤᠷᠤᠰᠬᠠᠯ᠎ᠢ ᠠᠷᠭᠠᠴᠠᠭᠠᠬᠤ ᠬᠦᠴᠤᠨ ᠪᠦᠬᠦᠢ ᠠᠷᠭ᠎ᠠ ᠬᠡᠮᠵᠢᠶ᠎ᠠ ᠠᠪᠴᠦ᠂ ᠲᠤᠢᠯ᠎ᠤᠨ ᠭᠦᠢᠲᠡᠨ ᠠᠭᠤᠷ ᠠᠮᠢᠰᠬᠤᠯ᠎ᠢ ᠠᠷᠭᠠᠴᠠᠭᠠᠨ ᠰᠡᠷᠭᠡᠢᠯᠡᠬᠦ ᠠᠵᠢᠯ᠎ᠢ ᠡᠷᠴᠢᠮᠲᠡᠢ ᠠᠬᠢᠭᠤᠯᠤᠨ᠂ ᠮᠠᠯ ᠠᠵᠤ ᠠᠬᠤᠢ ᠲᠠᠷᠢᠶᠠᠯᠠᠡᠭ᠎ᠤᠨ ᠦᠢᠯᠡᠳᠪᠦᠷᠢᠯᠡᠯ᠎ᠤᠨ ᠡᠷᠡᠬᠦᠯ ᠲᠤᠭᠲᠠᠭᠤᠨ ᠪᠦᠭᠡᠳ ᠡᠮᠬᠢ ᠵᠢᠷᠤᠮ ᠲᠠᠢ ᠶᠠᠪᠤᠭᠳᠠᠵᠤ ᠪᠠᠢᠬᠤ᠎ᠶᠢ ᠪᠠᠳᠤᠯᠠᠵᠤ ᠪᠠᠢᠨ᠎ᠠ᠃

ᠤᠢᠷ᠎ᠡ᠎ᠶᠢᠨ ᠬᠤᠭᠤᠴᠠᠭᠠᠨ᠎ᠳᠦ ᠴᠦᠬᠡᠨ ᠪᠤᠰᠤ ᠭᠠᠵᠠᠷ᠎ᠤᠨ ᠬᠢᠨ ᠨᠢᠬᠡᠨᠳᠡ ᠲᠦᠯ ᠲᠤᠰᠬᠤ ᠵᠠᠡᠭᠬᠢᠯᠠᠭ᠎ᠠ᠎ᠶᠢᠨ ᠬᠤᠭᠤᠴᠠᠭ᠎ᠠ᠎ᠳᠦ ᠤᠷᠤᠵᠤ᠂ ᠬᠠᠬᠢᠷ ᠬᠦᠢᠲᠡᠨ᠎ᠢ ᠰᠡᠷᠭᠡᠢᠯᠡᠨ ᠲᠦᠯ ᠮᠠᠯ᠎ᠢᠶᠠᠨ ᠮᠡᠨᠳᠤ ᠪᠤᠢᠵᠢᠭᠤᠯᠵᠤ ᠡᠬᠡ ᠮᠠᠯ᠎ᠢᠶᠠᠨ ᠮᠡᠨᠳᠦ ᠤᠨᠳᠤᠷᠤᠭᠤᠯᠬᠤ ᠨᠢ ᠪᠦᠬᠦ ᠤᠷᠤᠨ᠎ᠤ ᠭᠤᠤᠯᠳᠠᠯᠭ᠎ᠠ ᠲᠠᠢ ᠠᠵᠢᠯ᠎ᠤᠨ ᠨᠢᠬᠡ ᠪᠤᠯᠵᠠᠢ᠃

ᠤᠷᠳᠤᠰ ᠬᠤᠲᠠ᠎ᠶᠢᠨ ᠦᠦᠱᠢᠨ ᠬᠣᠱᠢᠭᠤᠨ᠎ᠦ 60 ᠲᠦᠮᠡ ᠱᠢᠬᠠᠮ ᠤᠷᠳᠤᠰ᠎ᠤᠨ ᠨᠠᠷᠢᠨ ᠨᠤᠤᠰᠤᠳᠤ ᠬᠣᠨᠢ 1 ᠰᠠᠷ᠎ᠠ ᠡᠴᠡ ᠡᠬᠢᠯᠡᠨ ᠵᠠᠯᠭᠠᠭ᠎ᠠ᠎ᠪᠠᠷ ᠲᠦᠯᠯᠡᠵᠦ᠂ ᠤᠢᠷ᠎ᠠ᠎ᠶᠢᠨ ᠬᠤᠶᠠᠷ ᠡᠳᠤᠷ ᠠᠭᠠᠷ᠎ᠤᠨ ᠳᠤᠯᠠᠭᠠᠨ ᠶᠡᠬᠡ ᠬᠡᠮᠵᠢᠶ᠎ᠡ᠎ᠪᠠᠷ ᠪᠠᠭᠤᠷᠠᠭᠰᠠᠨ ᠪᠣᠯᠪᠠᠴᠤ᠌ ᠮᠠᠯᠴᠢᠳ᠎ᠤᠨ ᠲᠥᠯ ᠲᠣᠰᠭᠣ ᠠᠵᠢᠯ ᠬᠠᠷᠢᠨ ᠶᠠᠭᠠᠷᠠᠦ ᠪᠥᠭᠡᠳ ᠡᠮᠬᠢ ᠵᠢᠷᠤᠮ ᠲᠠᠶ ᠶᠠᠪᠤᠭ᠍ᠳᠠᠵᠤ ᠪᠠᠢᠨ᠎ᠠ᠃ ᠰᠦᠯᠳᠡ ᠰᠤᠮᠤ᠎ᠶᠢᠨ ᠲᠤᠭᠤᠷᠢᠮ᠎ᠤᠨ ᠰᠦᠮ᠎ᠡ ᠭᠠᠴᠠᠭᠠᠨ᠎ᠤ ᠮᠠᠯᠴᠢᠨ ᠬᠠᠰᠳᠠᠯᠠᠢ᠎ᠶᠢᠨ ᠬᠢᠨ ᠵᠠᠯᠭᠠᠭ᠎ᠠ᠎ᠪᠠᠷ ᠢᠬᠢᠷ᠎ᠡ ᠬᠤᠷᠠᠭ᠎ᠠ ᠲᠤᠰᠴᠤ᠂ ᠲᠡᠷᠡ ᠡᠬᠡᠨᠡᠷ ᠲᠠᠢ᠎ᠪᠠᠨ ᠬᠤᠶᠠᠭᠤᠯᠠ ᠨᠢᠷᠠᠢ ᠬᠤᠷᠠᠭ᠎ᠠ ᠳ᠋ᠠᠭᠠᠨ《ᠬᠦᠪᠦᠡᠭ ᠬᠤᠪᠴᠠᠰᠤ》 ᠡᠮᠦᠰᠭᠡᠬᠦ ᠡᠴᠡ ᠭᠠᠳᠠᠨ᠎ᠠ ᠰᠠᠶᠢᠬᠠᠨ ᠲᠤᠰᠤᠭᠰᠠᠨ ᠬᠤᠷᠠᠭ᠎ᠠ ᠳ᠋ᠠᠭᠠᠨ ᠳᠤᠯᠠᠭᠠᠨ ᠲᠠᠪᠠᠳᠠᠢ 《ᠵᠢᠵᠢᠭ ᠲᠠᠰᠤᠯᠭ᠎ᠠ》 ᠭᠠᠷᠭᠠᠨ ᠦᠭᠴᠠᠢ᠃ 《ᠪᠢᠳᠡ 10 ᠳᠤᠨ ᠭᠠᠷᠤᠢ ᠡᠪᠡᠰᠦ ᠪᠤᠷᠳᠤᠭ᠎ᠠ ᠨᠦᠬᠡᠴᠡᠯᠡᠭᠰᠡᠨ ᠪᠦᠭᠡᠳ ᠡᠩ᠎ᠦᠨ ᠦᠶ᠎ᠠ᠎ᠳᠦ ᠴᠦ᠍ ᠲᠠᠷᠢᠶᠠᠯᠠᠡᠭ ᠮᠠᠯ ᠠᠵᠤ ᠠᠬᠤᠢ᠎ᠶᠢᠨ ᠰᠠᠯᠠᠭ᠎ᠠ ᠮᠦᠴᠢᠷ ᠡᠴᠡ ᠦᠭᠭᠦᠭᠰᠡᠨ ᠲᠤᠰᠬᠠᠢ ᠨᠠᠢᠷᠠᠯᠭ᠎ᠠ ᠲᠠᠢ ᠪᠤᠷᠳᠤᠭ᠎ᠠ᠎ᠶᠢ ᠬᠤᠯᠢᠵᠤ ᠦᠭᠳᠡᠭ ᠡᠴᠡ ᠬᠤᠨᠢᠨ᠎ᠤ ᠲᠠᠷᠭᠤ ᠬᠦᠴᠦ ᠰᠠᠢᠨ ᠪᠠᠢᠵᠤ᠂ ᠢᠬᠡᠷᠡᠯᠡᠬᠦ ᠨᠤᠷᠮ᠎ᠠ ᠨᠢ ᠠᠶᠠᠨᠳᠠᠭᠠᠨ ᠦᠨᠳᠦᠷ ᠪᠤᠯᠪᠠ》 ᠭᠡᠵᠦ ᠬᠠᠰᠳᠠᠯᠠᠢ ᠬᠡᠯᠡᠵᠦ ᠪᠠᠢᠯ᠎ᠠ᠃

ᠦᠤᠰᠢᠨ ᠬᠤᠰᠢᠭᠤᠨ᠎ᠤ ᠤᠷᠳᠤᠰ᠎ᠤᠨ ᠨᠠᠷᠢᠨ ᠨᠤᠤᠰᠤᠳᠤ ᠬᠤᠨᠢ᠎ᠶᠢᠨ ᠢᠬᠡᠷᠡᠯᠡᠬᠦ ᠨᠤᠷᠮ᠎ᠠ ᠦᠨᠳᠤᠷ ᠪᠤᠯᠤᠭᠰᠠᠨ ᠨᠢ ᠲᠤᠰ ᠬᠤᠰᠢᠭᠤᠨ᠎ᠦ ᠡᠷᠲᠡ ᠡᠴᠡ ᠬᠠᠰᠢᠶ᠎ᠠ ᠰᠠᠷᠠᠪᠴᠢ᠎ᠶᠢ ᠦᠭᠡᠷᠡᠴᠢᠯᠡᠨ ᠰᠠᠢᠵᠢᠷᠠᠭᠤᠯᠤᠭᠰᠠᠨ᠂ ᠲᠤᠰᠬᠠᠢ ᠨᠠᠢᠷᠠᠯᠭ᠎ᠠ ᠲᠠᠢ ᠪᠤᠷᠳᠤᠭ᠎ᠠ ᠦᠭᠴᠦ ᠰᠠᠭᠤᠷᠢ ᠡᠬᠡ ᠮᠠᠯ᠎ᠤᠨ ᠦᠷᠡᠵᠢᠯ᠎ᠤᠨ ᠨᠤᠷᠮ᠎ᠠ᠎ᠶᠢ ᠳᠡᠭᠡᠭᠰᠢᠯᠡᠭᠦᠯᠦᠭᠰᠡᠨ᠂ ᠮᠠᠯ ᠡᠮᠨᠡᠯᠭᠡ᠎ᠶᠢᠨ ᠲᠤᠰᠬᠠᠢ ᠦᠢᠯᠡᠴᠢᠯᠡᠭᠡᠨ᠎ᠦ ᠠᠡᠭᠬᠢ᠎ᠶᠢ ᠮᠠᠯᠵᠢᠬᠤ ᠡᠷᠤᠬᠡ᠎ᠳᠦ ᠭᠦᠨᠵᠡᠭᠡᠢᠷᠡᠬᠦᠯᠦᠨ ᠵᠢᠭᠠᠨ ᠵᠢᠯᠤᠭᠤᠳᠤᠯᠭ᠎ᠠ ᠦᠷᠨᠢᠭᠦᠯᠦᠭᠰᠡᠨ ᠲᠠᠢ ᠨᠢᠭᠲᠠ ᠬᠤᠯᠪᠤᠭ᠎ᠠ ᠲᠠᠢ ᠶᠤᠮ᠃ ᠤᠳᠤᠬᠠᠨ᠎ᠳᠦ ᠲᠤᠰ ᠬᠤᠰᠢᠭᠤᠨ᠎ᠤ ᠲᠦᠯ ᠲᠤᠰᠤᠭᠰᠠᠨ ᠨᠤᠷᠮ᠎ᠠ ᠨᠢᠭᠡᠨᠲᠡ 20%᠎ᠶᠢ ᠳᠠᠪᠠᠵᠤ᠂ ᠵᠢᠱ᠌ᠢᠯᠲᠡ᠎ᠪᠡᠷ ᠪᠦᠬᠦ ᠵᠢᠯ᠎ᠳᠤ 700 ᠲᠦᠮᠡᠨ ᠲᠦᠯ ᠲᠤᠰᠴᠤ᠂ 4 ᠰᠠᠷ᠎ᠠ᠎ᠶᠢᠨ ᠰᠡᠭᠦᠯᠴᠢ᠎ᠪᠠᠷ ᠲᠦᠯ ᠲᠤᠰᠬᠤ ᠠᠵᠢᠯ ᠨᠢ ᠲᠠᠭᠤᠰᠬᠤ ᠪᠤᠯᠤᠨ᠎ᠠ᠃

ᠲᠤᠰ ᠤᠳᠠᠭ᠎ᠠ᠎ᠶᠢᠨ ᠬᠦᠢᠳᠡᠨ ᠤᠷᠤᠰᠬᠠᠯ᠎ᠤᠨ ᠨᠦᠯᠦᠬᠡ ᠪᠡᠷ ᠤᠯᠠᠭᠠᠬᠠᠳᠠ ᠬᠤᠲᠠ᠎ᠶᠢᠨ ᠤᠯᠠᠨ ᠭᠠᠵᠠᠷ᠎ᠲᠤ ᠲᠦᠢᠯ᠎ᠤᠨ ᠭᠦᠢᠲᠡᠨ ᠠᠭᠤᠷ ᠠᠮᠢᠰᠬᠤᠯ ᠢᠯᠡᠷᠡᠪᠡ᠃ ᠡᠬᠦᠨ᠎ᠳᠤ ᠬᠡᠰᠢᠭᠲᠡᠨ ᠬᠤᠰᠢᠭᠤᠨ᠎ᠤ ᠳᠠᠯᠠᠢᠨᠠᠭᠤᠷ ᠪᠠᠯᠭᠠᠰᠤ ᠪᠠᠴᠢᠮ ᠪᠠᠢᠳᠠᠯ᠎ᠢ ᠠᠷᠭᠠᠴᠠᠭᠠᠬᠤ ᠡᠪᠡᠰᠦ ᠪᠤᠷᠳᠤᠭ᠎ᠠ ᠨᠦᠭᠡᠴᠡᠯᠡᠬᠦ ᠠᠷᠠᠯᠵᠢᠶᠠᠨ᠎ᠤ ᠲᠦᠪ᠎ᠢᠶᠠᠷ ᠳᠠᠮᠵᠢᠨ ᠡᠪᠡᠰᠦ ᠪᠣᠷᠳᠣᠭᠠᠨ᠎ᠤ ᠦᠨ᠎ᠡ ᠬᠠᠩᠰᠢ᠎ᠶᠢ ᠲᠣᠭ᠍ᠲᠠᠪᠤᠷᠢᠵᠢᠭᠤᠯᠤᠨ ᠬᠠᠩᠭᠠᠯᠭ᠎ᠠ᠎ᠶᠢ ᠪᠠᠲᠤᠯᠠᠬᠰᠠᠨ᠎ᠢᠶᠠᠷ ᠪᠠᠷᠠᠬᠤ ᠥᠬᠡᠶ ᠪᠠᠰᠠ ᠲᠡᠵᠢᠭᠡᠨ ᠦᠷᠡᠵᠢᠭᠦᠯᠬᠦ᠌ ᠡᠷᠦᠬᠡ᠎ᠶᠢᠨ ᠥᠪᠡᠷ᠎ᠤᠨ ᠥᠷᠲᠡᠭ᠎ᠢ ᠪᠠᠭᠤᠷᠠᠭᠤᠯᠤᠨ ᠳᠠᠷᠤᠭᠠᠰᠤ᠎ᠶᠢ ᠬᠥᠩᠭᠡᠷᠡᠭᠦᠯᠵᠦ᠍᠂ ᠮᠠᠯ ᠤᠨᠤᠭ᠎ᠠ᠎ᠪᠡᠨ ᠮᠡᠨᠳᠤ ᠡᠪᠤᠯᠵᠢᠬᠦᠯᠬᠦ᠎ᠶᠢ ᠪᠠᠲᠤᠯᠠᠵᠤ ᠪᠠᠢᠨ᠎ᠠ; ᠠᠸ᠋ᠬᠠᠨ ᠬᠣᠱᠢᠭᠤᠨ᠎ᠤ ᠲᠠᠷᠢᠶᠠᠯᠠᠩ ᠮᠠᠯ ᠠᠵᠤ ᠠᠬᠤᠶ ᠪᠠ ᠬᠦᠳᠡᠭᠡ ᠲᠤᠰᠬᠤᠨ ᠮᠠᠯᠵᠢᠬᠤ ᠤᠷᠤᠨ᠎ᠤ ᠲᠣᠪᠴᠢᠶ᠎ᠠ᠎ᠶᠢᠨ ᠬᠢᠨ ᠲᠡᠵᠢᠭᠡᠨ ᠦᠷᠡᠵᠢᠭᠦᠯᠬᠦ᠌ ᠲᠤᠰᠬᠠᠢ ᠬᠣᠷᠱᠢᠶ᠎ᠠ᠎ᠳᠦ ᠭᠦᠨᠵᠡᠭᠡᠢᠷᠡᠨ᠂ ᠲᠥᠯ ᠮᠠᠯ᠎ᠢ ᠳᠤᠯᠠᠭᠠᠨ ᠲᠠᠪᠠᠳᠠᠢ ᠡᠪᠦᠯᠵᠢᠭᠦᠯᠬᠦ ᠮᠡᠷᠭᠡᠵᠢᠯ᠎ᠢ ᠵᠢᠭᠠᠨ ᠦᠭᠴᠦ᠂ ᠲᠡᠵᠢᠭᠡᠪᠤᠷᠢ᠎ᠶᠢᠨ ᠡᠷᠦᠬᠡ᠎ᠶᠢ ᠱᠠᠯᠠᠪᠳᠠᠭᠤᠯᠤᠨ ᠡᠪᠡᠰᠦ ᠪᠣᠷᠳᠣᠭ᠎ᠠ ᠪᠠ ᠬᠡᠮ ᠬᠢᠵᠢᠭ᠎ᠢ ᠰᠡᠷᠭᠡᠢᠯᠡᠬᠦ᠌ ᠡᠮ᠎ᠤᠨ ᠵᠦᠶ᠋ᠯᠡᠰ᠎ᠢ ᠭᠦᠶ᠋ᠴᠡᠳ ᠪᠡᠯᠡᠳᠭᠡᠭᠦᠯᠵᠦ᠍᠂ ᠮᠠᠯ ᠠᠵᠤ ᠠᠬᠤᠶ᠎ᠶᠢᠨ ᠬᠠᠬᠢᠷ ᠬᠦᠶ᠋ᠲᠡᠨ ᠡᠴᠡ ᠰᠡᠷᠭᠡᠢᠯᠡᠬᠦ᠌ ᠱᠢᠰᠲ᠋ᠧᠮ᠎ᠢ ᠪᠥᠬᠥ᠌ ᠲᠠᠯ᠎ᠠ᠎ᠪᠡᠷ ᠪᠠᠢᠭᠤᠯᠪᠠ᠃

ᠲᠥᠬᠦᠭᠡᠷᠦᠮᠵᠢᠲᠦ ᠲᠠᠷᠢᠶᠠᠯᠠᠩ ᠡᠪᠤᠯ᠎ᠦᠨ ᠬᠦᠢᠳᠡᠨ᠎ᠳᠦ ᠠᠮᠠᠷᠬᠠᠨ ᠰᠤᠢᠳᠤᠯ ᠭᠠᠷᠳᠠᠭ᠃ ᠮᠠᠨ᠎ᠤ ᠤᠷᠤᠨ᠎ᠤ ᠡᠯ᠎ᠡ ᠭᠠᠵᠠᠷ᠎ᠤᠨ᠎ᠬᠢᠨ《ᠬᠦᠯᠡᠮᠵᠢ᠎ᠶᠢ ᠪᠡᠬᠢᠯᠡᠬᠦ + ᠳᠤᠯᠠᠭᠠᠨ᠎ᠢ ᠨᠡᠮᠡᠭ᠌ᠳᠡᠭᠦᠯᠬᠦ᠌》ᠠᠷᠭ᠎ᠠ ᠬᠡᠮᠵᠢᠶ᠎ᠡ᠎ᠶᠢᠨ ᠰᠢᠨ᠎ᠡ᠎ᠶᠢ ᠡᠭᠦᠳᠴᠦ᠍᠂ ᠡᠪᠦᠯ᠎ᠤᠨ ᠤᠯᠠᠷᠢᠯ᠎ᠤᠨ ᠲᠦᠬᠦᠬᠡᠷᠤᠮᠵᠢᠳᠤ ᠲᠠᠷᠢᠶᠠᠯᠠᠩ᠎ᠤᠨ ᠦᠶ᠋ᠯᠡᠳᠪᠦᠷᠢᠯᠡᠯ᠎ᠤᠨ ᠲᠣᠭ᠍ᠲᠠᠭᠤᠨ ᠡᠷᠬᠢᠯᠳᠡ᠎ᠶᠢ ᠪᠠᠳᠤᠯᠠᠵᠤ ᠪᠠᠢᠨ᠎ᠠ᠃

ᠤᠯᠠᠭᠠᠬᠠᠳᠠ ᠬᠤᠲᠠ᠎ᠶᠢᠨ ᠯᠢᠨᠰᠢ ᠱᠢᠶᠠᠨ᠎ᠦ ᠳ᠋ᠠ ᠹᠠ ᠲᠣᠰᠭᠣᠨ᠎ᠤ ᠲᠠᠷᠢᠮᠠᠯ᠎ᠤᠨ ᠡᠷᠦᠬᠡ ᠢᠳᠡᠱᠢᠨ ᠨᠣᠭᠣᠭ᠎ᠠ᠎ᠶᠢᠨ ᠬᠦᠯᠡᠮᠵᠢ᠎ᠶᠢᠨ ᠭᠠᠳᠠᠭᠤᠷ ᠵᠤᠵᠠᠭᠠᠨ ᠬᠥᠪᠥᠩ ᠬᠥᠨᠵᠢᠯᠡ ᠪᠦᠷᠬᠦᠨ᠂ ᠬᠦᠯᠡᠮᠵᠢ᠎ᠶᠢᠨ ᠳᠣᠲᠣᠷ᠎ᠠ ᠳᠤᠯᠠᠭᠠᠯᠠᠭ᠎ᠠ᠎ᠶᠢᠨ ᠲᠤᠨᠤᠭᠯᠠᠯ ᠤᠭᠰᠠᠷᠠᠵᠤ᠂ ᠭᠠᠳᠠᠨᠠᠬᠢ᠎ᠶᠢ ᠪᠡᠬᠢᠵᠢᠭᠦᠯᠵᠦ ᠳᠤᠲᠤᠨᠠᠬᠢ᠎ᠶᠢ ᠳᠤᠯᠠᠭᠠᠯᠠᠬᠤ ᠠᠷᠭ᠎ᠠ᠎ᠪᠡᠷ ᠳᠠᠮᠵᠢᠨ ᠲᠤᠰ ᠤᠳᠠᠭ᠎ᠠ᠎ᠶᠢᠨ ᠬᠦᠢᠲᠡᠨ ᠤᠷᠤᠰᠬᠠᠯ᠎ᠢ ᠰᠡᠷᠭᠡᠢᠯᠡᠵᠦ ᠪᠠᠢᠨ᠎ᠠ᠃ ᠲᠤᠰ ᠰᠢᠶᠠᠨ᠎ᠤ ᠱᠠᠭᠡᠷᠲᠦ ᠰᠢᠶᠠᠡᠭ᠎ᠤᠨ ᠳ᠋ᠠ ᠺᠠᠩ ᠠᠵᠤ ᠦᠢᠯᠡᠰ᠎ᠤᠨ ᠬᠦᠷᠢᠶᠡᠯᠡᠩ ᠲᠣᠭᠣᠷᠢᠭ᠎ᠤᠨ ᠬᠢᠨ ᠬᠦᠯᠡᠮᠵᠢ ᠳ᠋ᠡᠭᠡᠨ ᠲᠦᠯᠡᠰᠢ᠎ᠪᠠᠷ ᠳᠤᠯᠠᠭᠠᠯᠠᠬᠤ ᠮᠠᠱᠢᠨ᠂ ᠤᠬᠢᠶᠠᠯᠭ᠎ᠠ᠎ᠶᠢᠨ ᠳ᠋ᠧᠩ᠂ ᠸᠣᠯᠹᠷᠠᠮ ᠳ᠋ᠧᠩ ᠵᠡᠷᠭᠡ ᠤᠯᠠᠨ ᠵᠦᠢᠯ᠎ᠤᠨ ᠳᠤᠯᠠᠭᠠᠨ᠎ᠢ ᠨᠡᠮᠡᠭ᠌ᠳᠡᠭᠦᠯᠬᠦ᠌ ᠲᠥᠬᠥᠭᠡᠷᠦᠮᠵᠢ᠎ᠶᠢ ᠵᠡᠷᠭᠡ᠎ᠪᠡᠷ ᠠᠵᠢᠯᠯᠠᠭᠤᠯᠵᠤ᠂ ᠤᠯᠠᠭᠠᠨ ᠭᠤᠤ ᠲᠣᠰᠭᠣᠨ ᠵᠡᠷᠭᠡ ᠢᠳᠡᠭᠡᠨ᠎ᠤ ᠮᠦᠬᠦ᠌᠎ᠶᠢᠨ ᠰᠠᠭᠤᠷᠢᠨ᠎ᠦ ᠬᠢᠨ ᠲᠤᠯᠠᠭᠠᠯᠠᠮᠵᠢ᠎ᠶᠢᠨ ᠵᠤᠤᠬ᠎ᠠ᠎ᠪᠠᠷ ᠳᠤᠯᠠᠭᠠᠯᠠᠭ᠎ᠠ ᠬᠠᠡᠭᠭᠠᠬᠤ᠎ᠶᠢᠨ ᠬᠠᠮᠲᠤ 300 ᠲᠣᠨ ᠨᠡᠭᠦᠷᠡᠰᠦ ᠨᠥᠭᠡᠴᠡᠯᠡᠵᠦ᠍᠂ ᠬᠦᠢᠳᠡᠨ ᠤᠷᠤᠰᠬᠠᠯ᠎ᠢ ᠠᠷᠭᠠᠴᠠᠭᠠᠨ ᠢᠳᠡᠰᠢᠨ ᠨᠤᠭᠤᠭ᠎ᠠ᠎ᠶᠢᠨ ᠤᠷᠭᠤᠴᠠ᠎ᠶᠢ ᠪᠦᠬᠦ ᠬᠦᠴᠦᠨ᠎ᠢᠶᠠᠷ᠎ᠢᠶᠠᠨ ᠪᠠᠲᠤᠯᠠᠵᠤ ᠪᠠᠢᠨ᠎ᠠ᠃

ᠮᠠᠯᠵᠢᠬᠤ ᠤᠷᠤᠨ ᠡᠴᠡ ᠲᠠᠷᠢᠶᠠᠯᠠᠬᠤ ᠤᠷᠤᠨ ᠬᠦᠷᠲᠡᠯ᠎ᠡ᠂ ᠫᠧᠩ ᠰᠠᠷᠠᠪᠴᠢ ᠡᠴᠡ ᠲᠤᠯᠠᠭᠠᠨ ᠬᠦᠯᠡᠮᠵᠢ ᠬᠦᠷᠲᠡᠯ᠎ᠡ᠂ ᠮᠠᠨ᠎ᠤ ᠤᠷᠤᠨ᠎ᠤ ᠡᠯ᠎ᠡ ᠭᠠᠵᠠᠷ᠎ᠤᠨ ᠬᠢᠨ ᠡᠷᠲᠡ ᠪᠠᠢᠷᠢᠯᠠᠭᠤᠯᠵᠤ ᠪᠤᠳᠠᠲᠠᠢ ᠠᠵᠢᠯᠯᠠᠬᠤ᠎ᠶᠢ ᠪᠠᠷᠢᠮᠳᠠᠯᠠᠨ᠂ ᠲᠥᠷᠥ᠎ᠶᠢᠨ ᠪᠣᠳᠣᠯᠭ᠎ᠠ᠎ᠪᠠᠷ ᠲᠦᠰᠢᠭ ᠪᠤᠯᠭᠠᠬᠤ᠂ ᠱᠢᠨᠵᠢᠯᠡᠬᠦ᠌ ᠤᠬᠠᠭᠠᠨ ᠲᠧᠭ᠌ᠨᠢᠭ ᠮᠡᠷᠭᠡᠵᠢᠯ᠎ᠢᠶᠠᠷ ᠎ᠬᠦᠴᠦᠨ ᠣᠯᠭᠣᠬᠤ᠂ ᠵᠠᠰᠠᠭ᠎ᠤᠨ ᠤᠷᠳᠤᠨ ᠮᠠᠯᠵᠢᠬᠤ ᠲᠠᠷᠢᠶᠠᠯᠠᠬᠤ ᠡᠷᠦᠬᠡ ᠵᠢᠴᠢ ᠠᠵᠤ ᠠᠬᠤᠢᠯᠠᠯ ᠬᠠᠮᠲᠤᠷᠠᠨ ᠠᠵᠢᠯᠯᠠᠬᠤ ᠮᠡᠳᠤ᠎ᠶᠢᠨ ᠣᠯᠠᠨ ᠵᠦᠶ᠋ᠯ᠎ᠤᠨ ᠠᠷᠭ᠎ᠠ ᠬᠡᠮᠵᠢᠶ᠎ᠡ᠎ᠪᠠᠷ ᠲᠤᠢᠯ᠎ᠤᠨ ᠬᠦᠶ᠋ᠲᠡᠨ ᠠᠭᠤᠷ ᠠᠮᠢᠰᠭᠤᠯ᠎ᠤᠨ ᠲᠠᠭᠠᠷᠢᠯᠲᠠ᠎ᠶᠢ ᠠᠷᠭᠠᠴᠠᠭᠠᠨ ᠰᠡᠷᠭᠡᠢᠯᠡᠵᠦ᠂ ᠱᠢᠨ᠎ᠡ ᠨᠢᠭᠡ ᠵᠢᠯ᠎ᠤᠨ ᠮᠠᠯ ᠠᠵᠤ ᠠᠬᠤᠢ ᠲᠠᠷᠢᠶᠠᠯᠠᠩ᠎ᠤᠨ ᠴᠢᠨᠠᠷ ᠰᠠᠢᠲᠠᠢ ᠬᠥᠭ᠌ᠵᠢᠯᠲᠡ᠎ᠶᠢᠨ ᠰᠠᠭᠤᠷᠢ᠎ᠶᠢ ᠪᠡᠬᠢᠵᠢᠭᠦᠯᠦᠭᠰᠡᠬᠡᠷ ᠁

ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ