ᠬᠠᠲᠤᠨ ᠭᠣᠣᠯ᠎ᠤᠨ ᠪᠠᠶᠠᠨᠨᠠᠭᠤᠷ᠎ᠲᠠᠬᠢ ᠬᠡᠰᠡᠭ ᠨᠢ ᠬᠠᠯᠢᠶ᠎ᠠ᠎ᠶᠢᠨ ᠬᠤᠭᠤᠴᠠᠭᠠᠨ᠎ᠳᠤ ᠣᠷᠣᠪᠠ
ᠨᠡᠶ᠋ᠢᠲᠡᠯᠡᠭᠰᠡᠨ ᠴᠠᠭ᠄ 2025-11-27
11 ᠳ᠋ᠦ᠍ᠭᠡᠷ ᠰᠠᠷ᠎ᠠ᠎ᠶᠢᠨ 25 ᠤ ᠡᠳᠦᠷ᠂ ᠰᠤᠷᠪᠤᠯᠵᠢᠯᠠᠭ᠍ᠴᠢ ᠪᠠᠶᠠᠨᠨᠠᠭᠤᠷ ᠬᠣᠲᠠ᠎ᠶᠢᠨ ᠤᠰᠤᠨ ᠠᠰᠢᠭ᠍ᠯᠠᠯᠲᠠ᠎ᠶᠢᠨ ᠲᠣᠪᠴᠢᠶ᠎ᠠ᠎ᠠᠴᠠ ᠣᠢᠯᠠᠭᠠᠭᠰᠠᠨ᠎ᠢᠶᠠᠷ᠂ ᠬᠦᠢᠲᠡᠨ ᠤᠷᠤᠰᠬᠠᠯ᠎ᠤᠨ ᠴᠠᠭ ᠠᠭᠤᠷ᠎ᠤᠨ ᠨᠥᠯᠥᠭᠡ᠎ᠪᠡᠷ᠂ ᠬᠠᠲᠤᠨ ᠭᠣᠣᠯ᠎ᠤᠨ ᠪᠠᠶᠠᠨᠨᠠᠭᠤᠷ ᠬᠣᠲᠠ᠎ᠶᠢᠨ ᠤᠷᠠᠳ᠎ᠤᠨ ᠡᠮᠦᠨᠡᠲᠦ ᠬᠣᠰᠢᠭᠤᠨ᠎ᠤ ᠰᠧ ᠺᠧ ᠾᠧ ᠭᠣᠣᠯ᠎ᠤᠨ ᠬᠥᠪᠡᠭᠡᠨ᠎ᠳᠡᠬᠢ ᠦᠶᠡᠷ᠎ᠢ ᠰᠡᠷᠭᠡᠢᠯᠡᠬᠦ ᠪᠠᠷᠢᠯᠭ᠎ᠠ (ᠬᠠᠰᠢᠯᠭ᠎ᠠ᠎ᠶᠢᠨ ᠱᠣᠩ᠎ᠤᠨ ᠳ᠋ᠤᠭᠠᠷ ᠨᠢ 150+000 ᠺᠢᠯᠣᠮᠧᠲᠷ)᠎ᠶᠢᠨ ᠳᠣᠣᠷᠠᠳᠤ ᠤᠷᠤᠰᠬᠠᠯ᠎ᠤᠨ ᠬᠡᠰᠡᠭ᠎ᠲᠦ ᠬᠠᠯᠢᠶ᠎ᠠ᠎ᠶᠢᠨ ᠦᠵᠡᠭᠳᠡᠯ ᠢᠯᠡᠷᠡᠪᠡ᠂ ᠬᠠᠯᠢᠶ᠎ᠠ᠎ᠶᠢᠨ ᠨᠢᠭ᠍ᠲᠠᠴᠠ ᠨᠢ 5% ᠠᠴᠠ 10% ᠶᠢᠨ ᠬᠣᠭᠣᠷᠣᠨᠳᠤ ᠪᠠᠢᠵᠤ᠂ ᠬᠠᠯᠢᠶ᠎ᠠ᠎ᠶᠢᠨ ᠤᠷᠤᠰᠬᠠᠯ᠎ᠤᠨ ᠣᠷᠳᠣ᠌ ᠨᠢ 126.351 ᠺᠢᠯᠣᠮᠧᠲᠷ᠎ᠲᠦ ᠬᠦᠷᠴᠡᠢ᠂ ᠡᠨᠡ ᠨᠢ ᠬᠠᠲᠤᠨ ᠭᠣᠣᠯ᠎ᠤᠨ ᠪᠠᠶᠠᠨᠨᠠᠭᠤᠷ᠎ᠤᠨ ᠬᠡᠰᠡᠭ 2025–2026 ᠣᠨ᠎ᠤ ᠬᠠᠯᠢᠶ᠎ᠠ᠎ᠶᠢᠨ ᠬᠤᠭᠤᠴᠠᠭᠠᠨ᠎ᠳᠤ ᠣᠷᠣᠭᠰᠠᠨ᠎ᠢ ᠬᠠᠷᠠᠭᠤᠯᠵᠤ ᠪᠠᠢᠨ᠎ᠠ᠃
ᠣᠢᠯᠠᠭᠠᠭᠰᠠᠨ᠎ᠢᠶᠠᠷ᠂ ᠡᠨᠡ ᠵᠢᠯ᠎ᠦᠨ ᠬᠠᠲᠤᠨ ᠭᠣᠣᠯ᠎ᠤᠨ ᠠᠩᠬᠠᠨ᠎ᠤ ᠬᠠᠯᠢᠶ᠎ᠠ᠎ᠶᠢᠨ ᠡᠳᠦᠷ ᠨᠢ ᠡᠩ᠎ᠦᠨ ᠵᠢᠯ᠎ᠦᠨ ᠬᠢ᠎ᠡᠴᠡ 5 ᠡᠳᠦᠷ ᠬᠣᠢᠰᠢᠯᠠᠵᠤ (1971 ᠣᠨ᠎ᠠᠴᠠ 2020 ᠣᠨ ᠪᠣᠯᠲᠠᠯᠠᠬᠢ ᠳᠤᠮᠳᠠᠴᠢ ᠠᠩᠬᠠᠨ᠎ᠤ ᠬᠠᠯᠢᠶ᠎ᠠ᠎ᠶᠢᠨ ᠡᠳᠦᠷ ᠨᠢ 11 ᠳ᠋ᠦ᠍ᠭᠡᠷ ᠰᠠᠷ᠎ᠠ᠎ᠶᠢᠨ 20 ᠤ ᠡᠳᠦᠷ ᠪᠣᠯᠣᠨ᠎ᠠ)᠂ ᠨᠢᠳᠤᠨᠤᠨ᠎ᠤ ᠬᠢ᠎ᠠᠴᠠ 2 ᠡᠳᠦᠷ ᠡᠷᠲᠡᠯᠡᠪᠡ (ᠨᠢᠳᠤᠨᠤᠨ᠎ᠤ ᠠᠩᠬᠠᠨ᠎ᠤ ᠬᠠᠯᠢᠶ᠎ᠠ᠎ᠶᠢᠨ ᠡᠳᠦᠷ ᠨᠢ 11 ᠳ᠋ᠦ᠍ᠭᠡᠷ ᠰᠠᠷ᠎ᠠ᠎ᠶᠢᠨ 27 ᠤ ᠡᠳᠦᠷ ᠪᠠᠢᠪᠠ)᠃ 11 ᠳ᠋ᠦ᠍ᠭᠡᠷ ᠰᠠᠷ᠎ᠠ᠎ᠶᠢᠨ 25 ᠤ ᠡᠳᠦᠷ᠎ᠦᠨ ᠥᠷᠯᠥᠭᠡ᠎ᠶᠢᠨ 8 ᠴᠠᠭ᠎ᠲᠤ᠂ ᠳ᠋ᠸᠩᠺᠸᠤ ᠰᠢᠶᠠᠨ᠎ᠤ ᠪᠠᠶᠠᠨᠭᠣᠣᠯ᠎ᠤᠨ ᠬᠡᠰᠡᠭ᠎ᠲᠡᠬᠢ ᠤᠷᠤᠰᠬᠠᠯ᠎ᠤᠨ ᠬᠡᠮᠵᠢᠶ᠎ᠡ ᠨᠢ 818 ᠺᠦᠪ ᠮᠧᠲᠷ/ ᠰᠧᠺᠦ᠋ᠨ᠋ᠳ᠋ ᠪᠠᠢᠵᠤ᠂ ᠤᠰᠤᠨ ᠲᠦᠪᠰᠢᠨ ᠨᠢ 1049.36 ᠮᠧᠲᠷ ᠪᠠᠢᠪᠠ; ᠤᠷᠠᠳ᠎ᠤᠨ ᠡᠮᠦᠨᠡᠲᠦ ᠬᠣᠰᠢᠭᠤᠨ᠎ᠤ ᠰᠠᠨ ᠬᠤ᠌ ᠾᠧ ᠭᠣᠣᠯ᠎ᠤᠨ ᠡᠬᠢᠨ᠎ᠦ ᠤᠷᠤᠰᠬᠠᠯ᠎ᠤᠨ ᠬᠡᠮᠵᠢᠶ᠎ᠡ ᠨᠢ 714 ᠺᠦᠪ ᠮᠧᠲ᠋ᠷ/ᠰᠧᠺᠦ᠋ᠨ᠋ᠳ᠋᠂ ᠤᠰᠤᠨ ᠲᠦᠪᠰᠢᠨ ᠨᠢ 1016.94 ᠮᠧᠲ᠋ᠷ ᠪᠠᠢᠵᠤ᠂ ᠤᠰᠤᠨ᠎ᠤ ᠪᠠᠢᠳᠠᠯ ᠶᠡᠷᠦᠩᠬᠡᠢ᠎ᠳᠦ᠎ᠪᠡᠨ ᠲᠣᠭᠲᠠᠭᠤᠨ ᠪᠠᠢᠨ᠎ᠠ᠃
ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ