ᠰᠢ᠎ᠵᠢᠨ᠎ᠫᠢᠩ ᠴᠠᠭ᠋ᠠᠨ ᠰᠠᠷ᠎ᠠ᠎ᠠᠴᠠ ᠡᠮᠥᠨᠡᠬᠡᠨ ᠴᠡᠷᠢᠭ ᠠᠩᠭᠢ᠎ᠶᠢ ᠲᠤᠬᠤᠨᠢᠭᠤᠯᠵᠤ ᠠᠷᠠᠳ᠎ᠤᠨ ᠴᠢᠯᠥᠭᠡᠯᠡᠬᠦ᠌ ᠴᠡᠷᠢᠭ᠎ᠦᠨ ᠪᠦᠬᠦ᠌ ᠵᠢᠯᠤᠭᠤᠳᠤᠬᠴᠢ ᠪᠠᠢᠯᠳᠤᠭ᠍ᠴᠢ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠭᠢ᠎ᠶ᠋ᠢᠨ ᠳᠠᠷᠤᠭ᠎ᠠ ᠪᠠᠢᠯᠳᠤᠭ᠍ᠴᠢ ᠴᠡᠷᠢᠭ ᠠᠩᠭᠢ᠎ᠶ᠋ᠢᠨ ᠪᠢᠴᠢᠭ᠎ᠦᠨ ᠠᠵᠢᠯᠳᠠᠨ ᠪᠡᠯᠡᠳᠭᠡᠯ ᠠᠯᠪᠠᠨ᠎ᠤ ᠬᠥᠮᠦᠰ ᠪᠠ ᠡᠷᠦᠬᠡ᠎ᠶ᠋ᠢᠨ ᠴᠡᠷᠢᠭ᠎ᠲᠦ ᠴᠠᠭᠠᠨ ᠰᠠᠷ᠎ᠠ᠎ᠶ᠋ᠢᠨ ᠵᠦᠨᠭᠨᠡᠯ ᠳᠡᠪᠱᠢᠭᠦᠯᠪᠠ
ᠨᠡᠶ᠋ᠢᠲᠡᠯᠡᠭᠰᠡᠨ ᠴᠠᠭ᠄ 2026-02-26
ᠴᠠᠭᠠᠨ ᠰᠠᠷ᠎ᠠ ᠤᠳᠠᠯ ᠦᠭᠡᠢ ᠬᠦᠷᠴᠦ᠍ ᠢᠷᠡᠬᠦ᠌ ᠲᠠᠱᠢᠷᠠᠮ᠎ᠢᠶᠠᠷ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ ᠰᠢ᠎ᠵᠢᠨ᠎ᠫᠢᠩ 10᠎ᠦ ᠡᠳᠦᠷ ᠪᠡᠭᠡᠵᠢᠩ᠎ᠦᠨ 《8•1》 ᠲᠤᠮᠤ ᠠᠰᠠᠷ᠎ᠲᠤ ᠸᠢᠳᠢᠣ᠋ ᠬᠡᠯᠪᠡᠷᠢ᠎ᠪᠡᠷ ᠪᠦᠬᠦ᠌ ᠴᠡᠷᠢᠭ᠎ᠦᠨ ᠲᠠᠢ᠌ᠨᠳ᠋ᠤ ᠪᠡᠯᠡᠳᠭᠡᠨ ᠵᠢᠵᠢᠭᠦᠷᠯᠡᠬᠦ ᠪᠣᠯᠤᠨ ᠡᠭᠦᠷᠭᠡ ᠭᠦᠢᠴᠡᠳᠭᠡᠵᠦ᠍ ᠪᠠᠢᠭ᠎ᠠ ᠪᠠᠢᠳᠠᠯ᠎ᠢ ᠪᠠᠢᠴᠠᠭᠠᠵᠤ᠂ ᠬᠣᠯᠪᠣᠭ᠍ᠳᠠᠯ ᠪᠦᠬᠦᠢ ᠴᠡᠷᠢᠭ ᠠᠩᠬᠢ᠎ᠶ᠋ᠢ ᠳᠣᠲᠣᠨᠣ᠎ᠪᠠᠷ ᠲᠣᠬᠣᠨᠢᠭᠤᠯᠵᠤ᠂ ᠨᠠᠮ᠎ᠤᠨ ᠲᠥᠪ ᠬᠣᠷᠢᠶ᠎ᠠ ᠪᠣᠯᠤᠨ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠡᠮᠦᠨ᠎ᠡ᠎ᠡᠴᠡ ᠠᠷᠠᠳ᠎ᠤᠨ ᠴᠢᠯᠥᠭᠡᠯᠡᠬᠦ᠌ ᠴᠡᠷᠢᠭ᠎ᠦᠨ ᠪᠦᠬᠦ ᠵᠢᠯᠤᠭᠤᠳᠤᠬ᠍ᠴᠢ ᠪᠠᠢᠯᠳᠤᠭ᠍ᠴᠢ᠂ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠳᠠᠷᠤᠭ᠎ᠠ ᠪᠠᠢᠯᠳᠤᠭ᠍ᠴᠢ᠂ ᠴᠡᠷᠢᠭ ᠠᠩᠬᠢ᠎ᠶ᠋ᠢᠨ ᠪᠢᠴᠢᠭ᠎ᠦᠨ ᠠᠵᠢᠯᠳᠠᠨ᠂ ᠪᠡᠯᠡᠳᠭᠡᠯ ᠠᠯᠪᠠᠨ᠎ᠤ ᠬᠥᠮᠦᠰ ᠪᠠ ᠡᠷᠦᠭᠡ᠎ᠶ᠋ᠢᠨ ᠴᠡᠷᠢᠭ᠎ᠲᠦ ᠴᠢᠩ ᠰᠡᠳᠭᠢᠯ᠎ᠦᠨ ᠮᠡᠨᠳᠦᠴᠢᠯᠡᠯ ᠪᠠ ᠴᠠᠭᠠᠨ ᠰᠠᠷ᠎ᠠ᠎ᠶ᠋ᠢᠨ ᠵᠥᠩᠨᠡᠯ ᠳᠡᠪᠱᠢᠭᠦᠯᠪᠡ᠃

2 ᠰᠠᠷ᠎ᠠ᠎ᠶᠢᠨ 10᠎ᠦ ᠡᠳᠤᠷ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ ᠰᠢ᠎ᠵᠢᠨ᠎ᠫᠢᠩ ᠪᠡᠭᠡᠵᠢᠩ᠎ᠤᠨ 《8•1》 ᠲᠤᠮᠤ ᠠᠰᠠᠷ᠎ᠲᠤ ᠸᠢᠳᠢᠤ᠋ ᠬᠡᠯᠪᠡᠷᠢ᠎ᠪᠠᠷ ᠪᠦᠬᠦ ᠴᠡᠷᠢᠭ᠎ᠤᠨ ᠲᠠᠢᠨ᠎ᠳᠤ ᠪᠡᠯᠡᠳᠭᠡᠨ ᠵᠢᠵᠢᠬᠦᠷᠯᠡᠬᠦ ᠪᠤᠯᠤᠨ ᠡᠬᠦᠷᠭᠡ ᠬᠦᠢᠴᠡᠳᠭᠡᠵᠤ ᠪᠠᠢᠭ᠎ᠠ ᠪᠠᠢᠳᠠᠯ᠎ᠢ ᠪᠠᠢᠴᠠᠭᠠᠵᠤ᠂ ᠬᠤᠯᠪᠤᠬᠳᠠᠯ ᠪᠦᠬᠦᠢ ᠴᠡᠷᠢᠭ ᠠᠩᠭᠢ᠎ᠶᠢ ᠲᠤᠳᠤᠨᠤ᠎ᠪᠡᠷ ᠲᠤᠬᠤᠨᠢᠭᠤᠯᠵᠤ᠂ ᠨᠠᠮ᠎ᠤᠨ ᠲᠥᠪ ᠬᠣᠷᠢᠶ᠎ᠠ ᠪᠣᠯᠤᠨ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠡᠮᠦᠨ᠎ᠡ᠎ᠡᠴᠡ ᠠᠷᠠᠳ᠎ᠤᠨ ᠴᠢᠯᠥᠭᠡᠯᠡᠬᠦ᠌ ᠴᠡᠷᠢᠭ᠎ᠦᠨ ᠪᠦᠬᠦ ᠵᠢᠯᠤᠭᠤᠳᠤᠬ᠍ᠴᠢ ᠪᠠᠢᠯᠳᠤᠭ᠍ᠴᠢ᠂ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠳᠠᠷᠤᠭ᠎ᠠ ᠪᠠᠢᠯᠳᠤᠭ᠍ᠴᠢ᠂ ᠴᠡᠷᠢᠭ ᠠᠩᠬᠢ᠎ᠶ᠋ᠢᠨ ᠪᠢᠴᠢᠭ᠎ᠦᠨ ᠠᠵᠢᠯᠳᠠᠨ᠂ ᠪᠡᠯᠡᠳᠭᠡᠯ ᠠᠯᠪᠠᠨ᠎ᠤ ᠬᠥᠮᠦᠰ ᠪᠠ ᠡᠷᠦᠭᠡ᠎ᠶ᠋ᠢᠨ ᠴᠡᠷᠢᠭ᠎ᠲᠦ ᠴᠢᠩ ᠰᠡᠳᠭᠢᠯ᠎ᠦᠨ ᠮᠡᠨᠳᠦᠴᠢᠯᠡᠯ ᠪᠠ ᠴᠠᠭᠠᠨ ᠰᠠᠷ᠎ᠠ᠎ᠶ᠋ᠢᠨ ᠵᠥᠩᠨᠡᠯ ᠳᠡᠪᠱᠢᠭᠦᠯᠪᠡ᠃ ᠵᠢᠷᠤᠭ ᠪᠤᠯ ᠰᠢ᠎ᠵᠢᠨ᠎ᠫᠢᠩ ᠲᠠᠷᠤᠭ᠎ᠠ ᠪᠠᠢᠯᠳᠤᠬᠴᠢᠳᠤᠨ ᠵᠦᠭ ᠭᠠᠷ ᠲᠠᠯᠠᠯᠤᠨ ᠮᠡᠨᠳᠤᠴᠢᠯᠡᠵᠤ ᠪᠠᠢᠭ᠎ᠠ ᠨᠢ᠃
ᠰᠢᠨᠬᠤᠸᠠ ᠬᠤᠷᠢᠶ᠎ᠠ᠎ᠶᠢᠨ ᠰᠤᠷᠪᠤᠯᠵᠢᠯᠠᠬᠴᠢ ᠯᠢ ᠭᠠᠩ ᠰᠡᠬᠦᠳᠡᠷᠯᠡᠪᠡ
ᠦᠳᠡ᠎ᠶ᠋ᠢᠨ ᠬᠣᠢᠨᠠᠬᠢ 4 ᠴᠠᠭ᠎ᠤᠨ ᠦᠶ᠎ᠡ᠎ᠪᠡᠷ᠂ ᠰᠢ᠎ᠵᠢᠨ᠎ᠫᠢᠩ 《8•1》 ᠲᠤᠮᠤ ᠠᠰᠠᠷ᠎ᠲᠤ ᠬᠦᠷᠴᠦ᠍᠂ ᠡᠯ᠎ᠡ ᠴᠡᠷᠢᠭ᠎ᠦᠨ ᠲᠦᠷᠦᠯ ᠮᠡᠷᠭᠡᠵᠢᠯ᠎ᠦᠨ ᠲᠦᠷᠦᠯ ᠪᠣᠯᠤᠨ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ 9 ᠨᠢᠭᠡᠴᠢ᠎ᠲᠡᠶ ᠸᠢᠳᠢᠣ᠋᠎ᠪᠠᠷ ᠶᠠᠷᠢᠯᠴᠠᠪᠠ᠃ ᠬᠠᠭᠤᠷᠠᠢ ᠵᠠᠮ᠎ᠤᠨ ᠴᠡᠷᠢᠭ᠎ᠦᠨ ᠨᠢᠭᠡᠨ ᠪᠠᠷᠢᠭᠠᠳ᠋ᠠᠶ᠋ᠢᠨ 2 ᠳ᠋ᠤᠭᠠᠷ ᠪᠠᠲ᠋ᠯᠢᠶᠣᠨ᠂ ᠲᠠᠯᠠᠢ᠎ᠶ᠋ᠢᠨ ᠴᠡᠷᠢᠭ᠎ᠦᠨ ᠠᠨᠾᠦ᠋ᠢ ᠨᠠᠷᠠᠮᠵᠢᠳᠤ ᠬᠥᠯᠭᠡ ᠣᠩᠭᠣᠴᠠ᠂ ᠠᠭᠠᠷ᠎ᠤᠨ ᠴᠡᠷᠢᠭ᠎ᠦᠨ ᠨᠢᠭᠡᠨ ᠪᠠᠷᠢᠭᠠᠳ᠋ᠠ᠂ ᠲᠡᠢ᠌ᠷᠦᠯᠳᠦ ᠰᠤᠮᠤᠨ᠎ᠤ ᠴᠡᠷᠢᠭ᠎ᠦᠨ ᠨᠢᠭᠡᠨ ᠪᠠᠷᠢᠭᠠᠳᠠ᠂ ᠴᠡᠷᠢᠭ᠎ᠦᠨ ᠶᠠᠪᠤᠳᠠᠯ᠎ᠤᠨ ᠰᠠᠨᠰᠠᠷ᠎ᠤᠨ ᠠᠶᠠᠯᠠᠯ᠎ᠤᠨ ᠴᠡᠷᠢᠭ ᠠᠩᠬᠢ᠎ᠶᠢᠨ ᠨᠢᠭᠡᠨ ᠬᠡᠯᠲᠡᠰ᠂ ᠰᠦᠯᠵᠢᠶᠡᠨ᠎ᠦ ᠤᠷᠤᠨ ᠵᠠᠢ᠎ᠶᠢᠨ ᠴᠡᠷᠢᠭ ᠠᠩᠬᠢ᠎ᠶᠢᠨ ᠨᠢᠭᠡᠨ ᠬᠡᠯᠳᠡᠰ᠂ ᠮᠡᠳᠡᠭᠡ ᠵᠠᠩᠭᠢ᠎ᠵᠢᠨ ᠲᠤᠰᠠᠯᠠᠬᠤ ᠴᠡᠷᠢᠭ ᠠᠩᠬᠢ᠎ᠶ᠋ᠢᠨ ᠨᠢᠭᠡᠨ ᠲᠥᠪ᠂ ᠬᠠᠮᠲᠤᠷᠠᠭ᠍ᠰᠠᠨ ᠠᠷᠤ ᠲᠠᠯ᠎ᠠ᠎ᠶ᠋ᠢᠨ ᠪᠠᠲᠤᠯᠠᠭ᠎ᠠ᠎ᠶ᠋ᠢᠨ ᠴᠡᠷᠢᠭ ᠠᠩᠬᠢ᠎ᠶ᠋ᠢᠨ ᠨᠢᠭᠡᠨ ᠰᠠᠩ ᠬᠥᠮᠥᠷᠭᠡ᠂ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠨᠢᠭᠡᠨ ᠰᠠᠯᠪᠤᠷᠢ ᠠᠩᠬᠢ ᠲᠡᠷᠢᠭᠦᠯᠡᠭ᠌ᠴᠢ ᠰᠢ᠎ᠵᠢᠨ᠎ᠫᠢᠩ᠎ᠳᠦ ᠲᠠᠢ᠌ᠨ᠎ᠳᠤ ᠪᠡᠯᠡᠳᠭᠡᠨ ᠵᠢᠵᠢᠬᠦᠷᠯᠡᠬᠦ ᠪᠣᠯᠤᠨ ᠡᠭᠦᠷᠭᠡ ᠭᠦᠢᠴᠡᠳᠭᠡᠵᠦ᠍ ᠪᠠᠢᠭ᠎ᠠ ᠪᠠᠢᠳᠠᠯ᠎ᠵᠢᠡᠨ ᠳᠡᠰ ᠳᠠᠷᠠᠭ᠎ᠠ᠎ᠲᠠᠶ᠎ᠪᠠᠷ ᠮᠡᠳᠡᠭᠦᠯᠪᠡ᠃ ᠰᠢ᠎ᠵᠢᠨ᠎ᠫᠢᠩ ᠬᠠᠷᠢᠭᠤ ᠮᠡᠳᠡᠭᠦᠯᠦᠯᠲᠡ᠎ᠶ᠋ᠢ ᠨᠠᠷᠢᠨ ᠬᠢᠨᠠᠮᠠᠭᠠᠢ ᠰᠣᠨᠣᠰᠴᠤ᠌᠂ ᠲᠡᠳᠡᠨ᠎ᠲᠡᠶ ᠳᠣᠲᠣᠨᠣ᠎ᠪᠠᠷ ᠶᠠᠷᠢᠯᠴᠠᠪᠠ᠃ ᠳᠠᠷᠤᠭ᠎ᠠ ᠪᠠᠢᠯᠳᠤᠭ᠍ᠴᠢᠳ᠎ᠤᠨ ᠴᠤᠭ ᠵᠢᠪᠬᠤᠭ᠎ᠠ ᠲᠡᠭᠦᠯᠳᠡᠷ᠂ ᠣᠮᠣᠭ ᠵᠣᠷᠢᠭ ᠪᠠᠳᠠᠷᠠᠩᠭᠤᠢ ᠪᠠᠢᠵᠤ᠂ ᠥᠪᠡᠷ ᠥᠪᠡᠷ᠎ᠦᠨ ᠠᠵᠢᠯ᠎ᠤᠨ ᠪᠠᠢᠷᠢ ᠳᠡᠭᠡᠷ᠎ᠡ᠎ᠪᠡᠨ ᠯᠠᠪᠳᠠᠭᠤᠨ ᠪᠠᠲᠤᠲᠠᠢ᠎ᠪᠠᠷ ᠴᠡᠷᠢᠭ ᠪᠣᠯᠪᠠᠰᠤᠷᠠᠭᠤᠯᠤᠨ ᠲᠠᠢ᠌ᠨ᠎ᠳᠦ ᠪᠡᠯᠡᠳᠭᠡᠵᠦ᠍ ᠪᠠᠢᠬᠤ᠎ᠶ᠋ᠢ ᠦᠵᠡᠭᠡᠳ᠂ ᠰᠢ᠎ᠵᠢᠨ᠎ᠫᠢᠩ ᠭᠦᠢᠴᠡᠳ ᠨᠤᠲᠠᠯᠠᠯᠳᠠ ᠦᠭᠴᠤ᠂ ᠤᠯᠠᠨ᠎ᠢ ᠪᠣᠳᠠᠲᠤ ᠪᠠᠢ᠌ᠯᠳᠤᠭᠠᠨᠴᠢᠯᠠᠭ᠍ᠰᠠᠠ ᠴᠡᠷᠢᠭ᠎ᠦᠨ ᠪᠣᠯᠪᠠᠰᠤᠷᠠᠯ᠎ᠢ ᠴᠢᠩᠭ᠎ᠠ ᠠᠳᠭᠤᠨ᠂ ᠭᠠᠷ᠎ᠲᠠᠬᠢ ᠵᠡᠪᠰᠡᠭ ᠲᠣᠨᠣᠭ᠍ᠯᠠᠯ᠎ᠢᠶᠠᠨ ᠰᠠᠢᠲᠤᠷ ᠠᠱᠢᠭ᠍ᠯᠠᠵᠤ᠂ ᠴᠡᠷᠢᠭ ᠠᠩᠬᠢ᠎ᠶ᠋ᠢᠨ ᠲᠠᠢ᠌ᠴᠢᠨ ᠬᠦᠴᠦᠨ᠎ᠦ ᠪᠠᠢᠭᠤᠯᠤᠯᠲᠠ ᠪᠣᠯᠤᠨ ᠬᠡᠷᠡᠭ᠌ᠯᠡᠭᠡᠨ᠎ᠦ ᠲᠦᠪᠱᠢᠨ᠎ᠢ ᠳᠡᠭᠡᠭ᠌ᠰᠢᠯᠡᠭᠦᠯᠦᠭᠡᠷᠡᠢ ᠭᠡᠵᠦ᠍ ᠵᠣᠷᠢᠭ᠍ᠵᠢᠭᠤᠯᠪᠠ᠃
.jpg)
2 ᠰᠠᠷ᠎ᠠ᠎ᠶᠢᠨ 10᠎ᠦ ᠡᠳᠤᠷ᠂ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠲᠥᠪ ᠬᠣᠷᠢᠶ᠎ᠠ᠎ᠶᠢᠨ ᠶᠡᠷᠦᠩᠬᠡᠢ ᠱᠦᠵᠢ᠂ ᠤᠯᠤᠰ᠎ᠤᠨ ᠲᠡᠷᠢᠭᠦᠯᠡᠭ᠌ᠴᠢ᠂ ᠲᠥᠪ᠎ᠦᠨ ᠴᠡᠷᠢᠭ᠎ᠦᠨ ᠶᠠᠪᠤᠳᠠᠯ᠎ᠤᠨ ᠬᠣᠷᠢᠶ᠎ᠠ᠎ᠶᠢᠨ ᠲᠡᠷᠢᠭᠦᠯᠡᠭ᠌ᠴᠢ ᠰᠢ᠎ᠵᠢᠨ᠎ᠫᠢᠩ ᠪᠡᠭᠡᠵᠢᠩ᠎ᠤᠨ 《8•1》 ᠲᠤᠮᠤ ᠠᠰᠠᠷ᠎ᠲᠤ ᠸᠢᠳᠢᠤ᠋ ᠬᠡᠯᠪᠡᠷᠢ᠎ᠪᠠᠷ ᠪᠦᠬᠦ ᠴᠡᠷᠢᠭ᠎ᠤᠨ ᠲᠠᠢᠨ᠎ᠳᠦ ᠪᠡᠯᠡᠳᠭᠡᠨ ᠵᠢᠵᠢᠬᠦᠷᠯᠡᠬᠦ ᠪᠤᠯᠤᠨ ᠡᠬᠦᠷᠭᠡ ᠬᠦᠢᠴᠡᠳᠭᠡᠵᠤ ᠪᠠᠢᠭ᠎ᠠ ᠪᠠᠢᠳᠠᠯ᠎ᠢ ᠪᠠᠢᠴᠠᠭᠠᠵᠤ᠂ ᠬᠤᠯᠪᠤᠬᠳᠠᠯ ᠪᠦᠬᠦᠢ ᠴᠡᠷᠢᠭ ᠠᠩᠭᠢ᠎ᠶᠢ ᠲᠤᠳᠤᠨᠤ᠎ᠪᠡᠷ ᠲᠤᠬᠤᠨᠢᠭᠤᠯᠪᠠ᠃ ᠵᠢᠷᠤᠭ ᠪᠤᠯ ᠬᠠᠭᠤᠷᠠᠢ ᠵᠠᠮ᠎ᠤᠨ ᠴᠡᠷᠢᠭ᠎ᠦᠨ ᠨᠢᠭᠡᠨ ᠪᠠᠷᠢᠭᠠᠳ᠋ᠠᠶ᠋ᠢᠨ 2 ᠳ᠋ᠤᠭᠠᠷ ᠪᠠᠲ᠋ᠯᠢᠶᠣᠨ᠂ ᠲᠠᠯᠠᠢ᠎ᠶ᠋ᠢᠨ ᠴᠡᠷᠢᠭ᠎ᠦᠨ ᠠᠨᠾᠦ᠋ᠢ ᠨᠠᠷᠠᠮᠵᠢᠳᠤ ᠬᠥᠯᠭᠡ ᠣᠩᠭᠣᠴᠠ᠂ ᠠᠭᠠᠷ᠎ᠤᠨ ᠴᠡᠷᠢᠭ᠎ᠦᠨ ᠨᠢᠭᠡᠨ ᠪᠠᠷᠢᠭᠠᠳ᠋ᠠ᠂ ᠲᠡᠢ᠌ᠷᠦᠯᠳᠦ ᠰᠤᠮᠤᠨ᠎ᠤ ᠴᠡᠷᠢᠭ᠎ᠦᠨ ᠨᠢᠭᠡᠨ ᠪᠠᠷᠢᠭᠠᠳᠠ᠂ ᠴᠡᠷᠢᠭ᠎ᠦᠨ ᠶᠠᠪᠤᠳᠠᠯ᠎ᠤᠨ ᠰᠠᠨᠰᠠᠷ᠎ᠤᠨ ᠠᠶᠠᠯᠠᠯ᠎ᠤᠨ ᠴᠡᠷᠢᠭ ᠠᠩᠬᠢ᠎ᠶᠢᠨ ᠨᠢᠭᠡᠨ ᠬᠡᠯᠲᠡᠰ᠂ ᠰᠦᠯᠵᠢᠶᠡᠨ᠎ᠦ ᠤᠷᠤᠨ ᠵᠠᠢ᠎ᠶᠢᠨ ᠴᠡᠷᠢᠭ ᠠᠩᠬᠢ᠎ᠶ᠋ᠢᠨ ᠨᠢᠭᠡᠨ ᠬᠡᠯᠲᠡᠰ᠂ ᠮᠡᠳᠡᠭᠡ ᠵᠠᠩᠭᠢ᠎ᠶ᠋ᠢᠨ ᠲᠤᠰᠠᠯᠠᠬᠤ ᠴᠡᠷᠢᠭ ᠠᠩᠬᠢ᠎ᠶ᠋ᠢᠨ ᠨᠢᠭᠡᠨ ᠲᠥᠪ᠂ ᠬᠠᠮᠲᠤᠷᠠᠭ᠍ᠰᠠᠨ ᠠᠷᠤ ᠲᠠᠯ᠎ᠠ᠎ᠶ᠋ᠢᠨ ᠪᠠᠲᠤᠯᠠᠭ᠎ᠠ᠎ᠶ᠋ᠢᠨ ᠴᠡᠷᠢᠭ ᠠᠩᠬᠢ᠎ᠶ᠋ᠢᠨ ᠨᠢᠭᠡᠨ ᠰᠠᠩ ᠬᠥᠮᠥᠷᠭᠡ᠂ ᠵᠡᠪᠰᠡᠭ᠌ᠲᠦ ᠴᠠᠭ᠍ᠳᠠᠭ᠎ᠠ᠎ᠶ᠋ᠢᠨ ᠴᠡᠷᠢᠭ ᠠᠩᠬᠢ᠎ᠶ᠋ᠢᠨ ᠨᠢᠭᠡᠨ ᠰᠠᠯᠪᠤᠷᠢ ᠠᠩᠬᠢ ᠲᠡᠷᠢᠭᠦᠯᠡᠭ᠌ᠴᠢ ᠰᠢ᠎ᠵᠢᠨ᠎ᠫᠢᠩ᠎ᠳᠦ ᠪᠠᠢᠳᠠᠯ᠎ᠵᠢᠡᠨ ᠮᠡᠳᠡᠬᠦᠯᠵᠤ ᠪᠠᠢᠭ᠎ᠠ ᠨᠢ᠃
ᠰᠢᠨᠬᠤᠸᠠ ᠬᠤᠷᠢᠶ᠎ᠠ᠎ᠶᠢᠨ ᠰᠤᠷᠪᠤᠯᠵᠢᠯᠠᠬᠴᠢ ᠯᠢ ᠭᠠᠩ ᠰᠡᠬᠦᠳᠡᠷᠯᠡᠪᠡ
ᠰᠢ᠎ᠵᠢᠨ᠎ᠫᠢᠩ᠂ ᠥᠩᠭᠡᠷᠡᠭ᠌ᠰᠡᠨ ᠨᠢᠭᠡ ᠵᠢᠯ ᠪᠣᠯ ᠲᠤᠢᠯ᠎ᠤᠨ ᠶᠡᠷᠦ᠍ ᠪᠤᠰᠤ᠎ᠶᠢᠨ᠂ ᠲᠦᠢᠯ᠎ᠤᠨ ᠵᠢᠷ᠎ᠤᠨ ᠪᠤᠰᠤ᠎ᠶᠢᠨ ᠨᠢᠭᠡ ᠵᠢᠯ ᠮᠥᠨ᠃ ᠠᠷᠠᠳ᠎ᠤᠨ ᠴᠡᠷᠢᠭ ᠠᠩᠬᠢ ᠤᠯᠤᠰ ᠲᠦᠷᠦ᠍᠎ᠶ᠋ᠢᠨ ᠴᠡᠭᠴᠡᠯᠡᠨ ᠪᠤᠯᠪᠠᠰᠤᠷᠠᠭᠤᠯᠤᠯᠳᠠ᠎ᠶᠢ ᠭᠦᠨᠵᠡᠭᠡᠢ ᠠᠬᠢᠭᠤᠯᠵᠤ᠂ ᠡᠯ᠎ᠡ ᠵᠦᠢᠯ᠎ᠦᠨ ᠠᠶᠤᠯ ᠲᠦᠭ᠌ᠰᠢᠭᠦᠷᠢ ᠥᠷᠢᠰᠥᠯᠳᠦᠭᠡᠨ᠎ᠢ ᠪᠦᠲᠦᠮᠵᠢᠲᠡᠢ ᠠᠷᠭᠠᠴᠠᠭᠠᠵᠤ᠂ ᠢᠯᠵᠢᠷᠡᠯ᠎ᠢ ᠡᠰᠡᠷᠭᠦᠴᠡᠬᠦ᠌ ᠲᠡᠮᠡᠴᠡᠯ ᠳᠤᠮᠳᠠ ᠬᠤᠪᠢᠰᠭᠠᠯᠲᠤ ᠴᠢᠨᠠᠷᠲᠠᠢ ᠳᠠᠪᠲᠠᠯᠲᠠ᠎ᠶ᠋ᠢ ᠥᠩᠭᠡᠷᠡᠭᠡᠪᠡ᠃ ᠪᠦᠬᠦ᠌ ᠴᠡᠷᠢᠭ ᠠᠩᠭᠢ᠎ᠶᠢᠨ ᠥᠷᠭᠡᠨ ᠤᠯᠠᠨ ᠳᠠᠷᠤᠭ᠎ᠠ ᠪᠠᠢᠯᠳᠤᠭ᠍ᠴᠢ ᠢᠯᠠᠩᠭᠤᠶ᠎ᠠ ᠦᠨᠳᠦᠰᠦᠨ ᠱᠠᠲᠤᠨ᠎ᠤ ᠳᠠᠷᠤᠭ᠎ᠠ ᠪᠠᠢᠯᠳᠤᠭ᠍ᠴᠢ ᠡᠷᠡᠰ ᠪᠠᠳᠤ᠎ᠪᠠᠷ ᠨᠠᠮ᠎ᠤᠨ ᠦᠭᠡ᠎ᠶ᠋ᠢ ᠰᠣᠨᠣᠰᠴᠤ᠌᠂ ᠨᠠᠮ᠎ᠢᠶᠠᠨ ᠲᠠᠭᠠᠵᠤ᠂ ᠡᠭᠦᠷᠭᠡ ᠬᠠᠷᠢᠭᠤᠴᠠᠯᠭ᠎ᠠ᠎ᠪᠠᠨ ᠦᠨᠡᠨᠴᠢ ᠱᠢᠳᠤᠷᠭᠤ᠎ᠪᠠᠷ ᠭᠦᠢᠴᠡᠳᠭᠡᠵᠦ᠍᠂ ᠬᠦᠴᠦ᠍᠎ᠪᠡᠨ ᠲᠥᠪᠯᠡᠷᠡᠭᠦᠯᠦᠨ ᠬᠦᠴᠢᠷ᠎ᠢ ᠲᠤᠭᠤᠯᠤᠨ ᠪᠡᠷᠬᠡ᠎ᠶ᠋ᠢ ᠳᠠᠪᠠᠵᠤ᠂ ᠡᠯ᠎ᠡ ᠵᠦᠢᠯ᠎ᠦᠨ ᠡᠭᠦᠷᠭᠡ᠎ᠪᠡᠨ ᠲᠡᠭᠦᠰ ᠠᠮᠵᠢᠯᠲᠠ᠎ᠲᠠᠶ ᠪᠡᠶᠡᠯᠡᠭᠦᠯᠵᠤ᠂ ᠪᠦᠷᠢᠮᠦᠰᠦᠨ ᠬᠠᠲᠠᠭᠤ ᠳᠠᠭᠠᠭᠠᠮᠠᠭᠠᠢ᠂ ᠨᠠᠢᠳᠠᠪᠤᠷᠢᠲᠠᠢ ᠶᠤᠮ ᠭᠡᠵᠤ ᠵᠢᠭᠠᠵᠤ ᠭᠠᠷᠭᠠᠪᠠ᠃
ᠰᠢ᠎ᠵᠢᠨ᠎ᠫᠢᠩ᠂ ᠬᠡᠳᠦᠨ ᠡᠳᠦᠷ ᠥᠩᠭᠡᠷᠡᠪᠡᠯ ᠮᠤᠷᠢᠨ ᠵᠢᠯ᠎ᠦᠨ ᠴᠠᠭᠠᠨ ᠰᠠᠷ᠎ᠠ ᠪᠣᠯᠤᠨ᠎ᠠ᠂ ᠪᠠᠶᠠᠷ ᠳᠤᠷᠠᠰᠭᠠᠯ᠎ᠤᠨ ᠡᠳᠦᠷ ᠪᠣᠯᠬᠤ᠎ᠳᠤ ᠲᠠᠢ᠌ᠨ᠎ᠦ ᠪᠡᠯᠡᠳᠭᠡᠯ ᠬᠢᠬᠦ᠌ ᠪᠡᠨ ᠴᠢᠨᠭᠭᠠᠳᠬᠠᠬᠤ ᠪᠤᠯ ᠮᠠᠨ᠎ᠤ ᠴᠡᠷᠢᠭ᠎ᠦᠨ ᠢᠷᠠᠭᠤ ᠠᠯᠳᠠᠷᠲᠤ ᠤᠯᠠᠮᠵᠢᠯᠠᠯ ᠪᠣᠯᠤᠨ᠎ᠠ᠃ ᠪᠦᠬᠦ᠌ ᠴᠡᠷᠢᠭ᠎ᠦᠨ ᠴᠡᠷᠢᠭ ᠠᠩᠭᠢ ᠲᠠᠢ᠌ᠨ᠎ᠳᠤ ᠪᠡᠯᠡᠳᠭᠡᠨ ᠵᠢᠵᠢᠭᠦᠷᠯᠡᠬᠦ᠎ᠪᠠᠨ ᠴᠢᠩᠭᠠᠳᠭᠠᠵᠤ᠂ ᠲᠣᠭ᠍ᠲᠠᠭᠠᠭ᠍ᠰᠠᠨ ᠰᠡᠷᠭᠡᠢᠯᠡᠯᠲᠡ᠎ᠶ᠋ᠢᠨ ᠪᠠᠢᠳᠠᠯ᠎ᠢᠶᠠᠨ ᠪᠠᠲᠤᠯᠠᠨ᠂ ᠡᠯ᠎ᠡ ᠵᠦᠢᠯ᠎ᠦᠨ ᠭᠠᠷᠴᠤ᠌ ᠮᠡᠳᠡᠬᠦ᠌ ᠭᠡᠨᠡᠳᠲᠡ᠎ᠶ᠋ᠢᠨ ᠪᠠᠢᠳᠠᠯ᠎ᠢ ᠴᠠᠭ ᠲᠤᠬᠠᠢᠳᠤᠨᠢ ᠪᠦᠲᠦᠮᠵᠢᠲᠡᠢ ᠱᠢᠢᠳᠪᠦᠷᠢᠯᠡᠵᠦ᠍᠂ ᠡᠬᠡ ᠤᠯᠤᠰ᠎ᠤᠨ ᠠᠮᠤᠷ ᠲᠦᠪᠱᠢᠨ ᠪᠠ ᠠᠷᠠᠳ ᠲᠦᠮᠡᠨ᠎ᠦ ᠵᠣᠯ ᠵᠢᠷᠭᠠᠯ᠎ᠢ ᠰᠠᠢᠲᠤᠷ ᠰᠠᠬᠢᠨ ᠬᠠᠮᠠᠭᠠᠯᠠᠬᠤ ᠬᠡᠷᠡᠭ᠌ᠲᠡᠢ᠃ ᠡᠭᠦᠨ᠎ᠦ ᠵᠡᠷᠭᠡ ᠪᠡᠷ᠂ ᠠᠵᠢᠯ᠎ᠢᠶᠠᠨ ᠰᠠᠢᠳᠤᠷ ᠨᠢᠭᠡᠳᠦᠯᠲᠡᠶ ᠲᠥᠯᠥᠪᠵᠢᠬᠦᠯᠬᠦ᠎ᠶ᠋ᠢ ᠠᠩᠬᠠᠷᠴᠤ᠌᠂ ᠪᠠᠶᠠᠷ᠎ᠤᠨ ᠡᠳᠦᠷ᠎ᠦᠨ ᠬᠤᠭᠤᠴᠠᠭᠠᠨ ᠳ᠋ᠡᠬᠢ ᠠᠮᠢᠳᠤᠷᠠᠯ᠎ᠢᠶᠠᠨ ᠰᠠᠢᠲᠤᠷ ᠲᠣᠬᠢᠷᠠᠭᠤᠯᠬᠤ ᠬᠡᠷᠡᠭ᠌ᠲᠡᠶ ᠭᠡᠵᠤ ᠴᠢᠬᠤᠯᠠᠴᠢᠯᠠᠪᠠ᠃
ᠵᠠᠩ ᠱᠧᠩ ᠮᠢᠨᠨᠡᠷ ᠠᠵᠢᠯᠯᠠᠭ᠎ᠠ᠎ᠳᠤ ᠣᠷᠣᠯᠴᠠᠵᠠᠢ᠃
ᠢᠷᠡᠯᠲᠡ᠄ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠣᠯ ᠰᠦᠯᠵᠢᠶ᠎ᠡ